ᠤᠷᠠᠨ ᠵᠣᠬᠢᠶᠠᠯ
ᠤᠴᠠᠷᠠᠯ ᠤᠨ ᠰᠠᠢᠬᠠᠨ ᠰᠢᠯᠤᠭᠤᠨ ᠴᠠᠭᠠᠨ
2016.10.18 ᠲᠣᠰ ᠥᠷᠲᠡᠭᠡᠨ ᠦ ᠨᠠᠢᠷᠠᠭᠤᠯᠤᠭᠴᠢ


︱ ᠪᠦᠬᠦ ᠣᠷᠤᠨ ᠤ ︽ ᠲᠠᠯ᠎ᠠ ᠶᠢᠨ ᠲᠤᠶᠠᠭ᠎ᠠ ︾ ᠪᠢᠯᠢᠭ᠌ ᠤᠨ ᠴᠢᠭᠤᠯᠭᠠᠨ ᠳᠤ ᠣᠷᠤᠯᠴᠠᠭᠰᠠᠨ  ᠡᠳᠦᠷ ᠤᠨ ᠲᠡᠮᠳᠡᠭᠯᠡᠯ 
● ᠳ᠋᠊ · ᠪᠦᠬᠡᠪᠠᠭᠠᠳᠤᠷ          2016 ᠣᠨ ᠤ 8 ᠰᠠᠷ᠎ᠠ ᠶᠢᠨ 11 ᠤ ᠡᠳᠦᠷ ︵ᠪᠢᠯᠢᠭ᠌ ᠤᠨ  ᠳᠣᠯᠤᠭᠠᠨ  ᠰᠠᠷ᠎ᠠ ᠶᠢᠨ  ᠰᠢᠨ᠎ᠡ ᠶᠢᠨ  ᠶᠢᠰᠦᠨ᠎ᠡ᠂  ᠭᠠᠷᠠᠭ ᠤᠨ ᠳᠥᠷᠪᠡᠨ︶ ᠲᠤᠩᠭᠠᠯᠠᠭ         ᠳᠣᠯᠤᠭᠠᠨ ᠴᠠᠭ ᠭᠠᠷᠤᠢ ᠰᠠᠭᠤᠭᠰᠠᠨ ᠸᠠᠭᠤᠠ ᠰᠢᠯᠤᠭᠤᠨ ᠴᠠᠭᠠᠨ ᠥᠷᠲᠡᠭᠡᠨ ᠳᠤ ᠵᠣᠭᠰᠤᠯ᠎ᠠ᠃  ᠸᠠᠭᠤᠨ ᠡᠴᠡ ᠪᠠᠨ ᠪᠠᠭᠤᠬᠤ ᠳᠤ ᠰᠡᠷᠢᠭᠦᠨ ᠰᠠᠯᠬᠢ ᠰᠡᠩ ᠲᠠᠲᠠᠵᠤ ᠨᠠᠮᠤᠷ ᠤᠨ ᠰᠢᠨᠵᠢ ᠲᠣᠳᠤᠬᠠᠨ  ᠮᠡᠳᠡᠷᠡᠭᠳᠡᠨ᠎ᠡ᠃  ᠪᠢ  ᠥᠪᠦᠷ  ᠮᠣᠩᠭᠤᠯ ᠤᠨ ᠡᠳᠦᠷ ᠤᠨ ᠰᠣᠨᠢᠨ ᠤ ᠤᠷᠢᠯᠭ᠎ᠠ ᠪᠠᠷ ᠪᠢᠯᠢᠭ᠌ ᠤᠨ ᠴᠢᠭᠤᠯᠭᠠᠨ ᠳᠤ ᠣᠷᠤᠯᠴᠠᠬᠤ ᠪᠠᠷ ᠮᠢᠩᠭᠠᠲᠤ  ᠬᠡᠮᠡᠬᠦ  ᠡᠨᠡᠬᠦ  ᠪᠠᠯᠭᠠᠰᠤᠨ ᠳᠤ ᠠᠩᠬ᠎ᠠ ᠬᠥᠯ ᠲᠠᠯᠪᠢᠵᠤ ᠪᠠᠢᠭ᠎ᠠ ᠨᠢ ᠡᠨᠡ᠂ ᠨᠠᠮ᠎ᠠ ᠶᠢ ᠥᠷᠲᠡᠭᠡᠨ ᠳᠤ ᠳᠤᠰᠤᠭᠰᠠᠨ  ᠰᠤᠷᠤᠭᠴᠢ  ᠠᠷᠢᠭᠤᠨ ᠤ  ᠵᠠᠮᠴᠢᠯᠠᠭ᠎ᠠ ᠪᠠᠷ ᠬᠠᠮᠤᠭ ᠤᠷᠢᠳᠡ ᠮᠢᠩᠭᠠᠨᠳᠦ ᠠᠭᠤᠳᠠᠮ ᠲᠠᠯᠠᠪᠠᠢ ᠳᠤ ᠬᠦᠷᠴᠦ ᠡᠨᠡᠬᠦ ᠨᠤᠲᠤᠭ ᠤᠨ ᠬᠣᠶᠠᠷ ᠠᠪᠤᠷᠭᠤ ᠬᠥᠮᠦᠨ ᠪᠣᠯᠬᠤ ᠮᠢᠩᠭᠠᠨᠳᠦ ᠪᠠ ᠴᠠᠬᠠᠷ ᠭᠡᠪᠰᠢ ᠯᠤᠪᠰᠠᠩᠴᠦᠢᠯᠳᠦᠮ ᠤᠨ ᠱᠤᠭᠤᠮᠠᠯ ᠬᠥᠷᠦᠭ ᠢ  ᠪᠠᠷᠠᠭᠠᠯᠠᠭᠠᠳ  ᠵᠤᠭᠬᠢᠵᠦ  ᠰᠠᠭᠤᠯ᠎ᠠ᠃  ᠲᠡᠭᠡᠭᠡᠳ  ᠬᠠᠮᠢᠭ᠎ᠠ ᠬᠦᠷᠪᠡᠯ ᠬᠠᠮᠢᠭᠠᠬᠢ ᠨᠣᠮ ᠤᠨ ᠳᠡᠯᠭᠡᠭᠦᠷ ᠲᠤ ᠤᠷᠢᠳᠠᠪᠠᠷ ᠬᠦᠷᠳᠡᠭ ᠵᠠᠩ ᠢᠶᠠᠷ ᠢᠶᠠᠨ ᠰᠢᠯᠤᠭᠤᠨ ᠴᠠᠭᠠᠨ ᠤ ︽ᠰᠢᠨᠬᠤᠸᠠ ᠨᠣᠮ ᠤᠨ ᠳᠡᠯᠭᠡᠭᠦᠷ︾ ᠲᠤ ᠬᠦᠷᠪᠡ᠃         ︽ᠳᠤᠮᠳᠠᠳᠤ ᠶᠢᠨ  ᠲᠠᠪᠤᠨ  ᠮᠢᠩᠭᠠᠨ  ᠣᠨ ᠤ  ᠲᠡᠦᠬᠡᠨ  ᠦᠯᠢᠭᠡᠷ︾  ᠵᠡᠷᠭᠡ  ᠵᠠᠬ᠎ᠠ   ᠳᠡᠭᠡᠷ᠎ᠡ   ᠣᠳᠣᠬᠠᠨ ᠳᠤ ᠣᠯᠳᠠᠬᠤ ᠪᠠᠨ ᠪᠣᠯᠢᠭᠰᠠᠨ ᠬᠡᠳᠦᠨ ᠨᠣᠮ ᠢ ᠳᠤᠭᠠᠴᠡᠭ᠎ᠠ ᠬᠢᠵᠦ ᠠᠪᠴᠢᠬᠠᠭᠠᠳ ᠪᠠᠢᠲᠠᠯ᠎ᠠ  ︽ᠠᠪᠤ  ᠡ᠂  ᠡᠨᠡ  ᠨᠣᠮ  ᠭᠣᠶᠤ ᠪᠠᠢᠨ᠎ᠠ᠂ ᠪᠢ ᠠᠪᠤᠶ᠎ᠠ︾ ᠭᠡᠬᠦ ᠲᠠᠭᠤᠨ ᠳᠤ ᠰᠡᠳᠭᠢᠯ ᠲᠠᠲᠠᠭᠳᠠᠨ  ᠡᠷᠭᠢᠵᠦ  ᠬᠠᠷᠠᠪᠠᠯ  ᠨᠢᠭᠡ  ᠬᠡᠦᠬᠡᠳ  ᠨᠣᠮ  ᠪᠠᠷᠢᠴᠢᠬᠠᠭᠠᠳ ᠠᠪᠤ ᠪᠠᠨ ᠴᠢᠷᠠᠢᠳᠠᠨ ᠵᠣᠭᠰᠤᠵᠤ ᠪᠠᠢᠯ᠎ᠠ᠃ ᠲᠡᠷᠡᠬᠦ ᠭᠱᠠᠨ ᠳᠤ ᠮᠢᠨᠦ  ᠳᠣᠲᠤᠷ᠎ᠠ  ᠬᠠᠯᠠᠭᠤᠨ  ᠠᠰᠬᠠᠯ᠎ᠠ᠃  ᠥᠨᠥ ᠶᠢᠨ  ᠴᠠᠭ ᠢᠩᠭᠢᠵᠦ ᠮᠣᠩᠭᠤᠯ ᠨᠣᠮ  ᠤᠩᠰᠢᠬᠤ  ᠬᠡᠦᠬᠡᠳ  ᠴᠦᠬᠡᠷᠡᠵᠠᠢ᠃  ᠲᠡᠭᠡᠭᠡᠳ  ᠪᠢ  ᠲᠡᠷᠡᠬᠦ  ᠰᠠᠢᠬᠠᠨ  ᠮᠣᠩᠭᠤᠯ  ᠬᠡᠯᠡ ᠲᠠᠢ ᠬᠡᠦᠬᠡᠳ ᠲᠤ ᠬᠠᠨᠳᠤᠨ ︽ᠵᠠ ᠬᠡᠦᠬᠡ᠂ ᠴᠢ ᠨᠣᠮ ᠤᠩᠰᠢᠬᠤ ᠳᠤᠷᠠᠲᠠᠢ ᠤᠤ︖ ᠬᠡᠳᠦᠳᠦᠭᠡᠷ ᠣᠨ ᠤ  ᠰᠤᠷᠤᠭᠴᠢ  ᠪᠤᠢ︖︾ ᠭᠡᠵᠦ ᠶᠠᠷᠢᠯᠴᠠᠭ᠎ᠠ ᠪᠣᠯᠤᠯ᠎ᠠ᠃ ︽ᠲᠡᠬᠦᠯᠢᠨ᠎ᠡ ᠭᠡᠳᠡᠭ᠂ ᠳᠥᠷᠪᠡᠳᠦᠭᠡᠷ ᠣᠨ ᠤ ᠰᠤᠷᠤᠭᠴᠢ  ᠪᠠᠢᠭ᠎ᠠ︾  ᠭᠡᠵᠦ  ᠲᠡᠷᠡ  ᠬᠡᠦᠬᠡᠳ ᠲᠣᠳᠤᠬᠠᠨ ᠬᠠᠷᠢᠭᠤᠯᠤᠯ᠎ᠠ᠂ ᠴᠠᠭᠠᠨ᠎ᠠ ᠡᠴᠡ ᠨᠢ ᠠᠪᠤ ᠨᠢ ︽ᠮᠢᠨᠦ ᠬᠡᠦᠬᠡᠨ ᠨᠣᠮ ᠳᠤ  ᠳᠤᠩ  ᠳᠤᠷᠠᠲᠠᠢ᠂  ᠰᠢᠯᠦᠭ  ᠤᠩᠰᠢᠬᠤ ᠳᠤᠷᠠᠲᠠᠢ᠂ ᠳᠠᠭᠤᠯᠠᠵᠤ ᠪᠦᠵᠢᠭᠯᠡᠬᠦ ᠳᠤᠷᠠᠲᠠᠢ᠂ ᠠᠪᠢᠶᠠᠰᠯᠢᠭ ᠮᠣᠩᠭᠤᠯ ᠬᠡᠮᠡᠬᠦ ᠤᠷᠤᠯᠳᠤᠭᠠᠨ ᠳᠤ ᠪᠠᠰᠠ  ᠣᠷᠤᠵᠤ  ᠪᠠᠢᠭᠰᠠᠨ︾ ᠭᠡᠵᠦ ᠨᠥᠬᠦᠪᠦᠷᠢᠯᠡᠵᠦ ᠶᠠᠷᠢᠯ᠎ᠠ᠃ ᠡᠨᠡ ᠳᠡᠯᠭᠡᠭᠦᠷ ᠤᠨ  ᠨᠣᠮ ᠤᠨ  ᠲᠠᠯᠪᠢᠭᠤᠷ ᠲᠤ  ᠮᠢᠨᠦ  ᠬᠡᠦᠬᠡᠳ ᠲᠤ  ᠵᠤᠷᠢᠭᠤᠯᠤᠯᠳᠠ ᠲᠠᠢ ᠪᠢᠴᠢᠭᠰᠡᠨ ︽ᠬᠡᠯᠡ ᠪᠢᠴᠢᠭ᠌ ᠤᠨ ᠮᠡᠳᠡᠯᠭᠡ ᠶᠢᠨ ᠬᠣᠷᠸ᠎ᠠ ︱ ᠶᠠᠷᠢᠵᠤ ᠰᠤᠷᠤᠶ᠎ᠠ︾ ᠭᠡᠰᠡᠨ ᠨᠣᠮ  ᠲᠠᠯᠪᠢᠭᠠᠰᠤᠲᠠᠢ  ᠪᠠᠢᠭᠰᠠᠨ ᠢ ᠨᠢᠭᠡ ᠳᠡᠪᠲᠡᠷ ᠬᠤᠳᠠᠯᠳᠤᠨ ᠠᠪᠴᠤ ᠬᠡᠦᠬᠡᠳ ᠲᠤ ᠪᠡᠯᠡᠭᠯᠡᠪᠡ᠃ ᠲᠡᠭᠦᠨ ᠤ ᠠᠪᠤ ᠨᠢ ᠠᠯᠳᠠᠨᠬᠤᠶᠠᠭ ᠭᠡᠳᠡᠭ᠂ ᠰᠢᠯᠤᠭᠤᠨ ᠴᠠᠭᠠᠨ ᠤ ᠮᠠᠯᠴᠢᠨ᠂ ᠣᠳᠤ ᠮᠢᠩᠭᠠᠨᠳᠦ ᠪᠠᠯᠭᠠᠰᠤᠨ ᠲᠤ ᠬᠡᠦᠬᠡᠨ ᠢᠶᠠᠨ ᠬᠠᠷᠠᠵᠤ ᠪᠢᠴᠢᠭ᠌  ᠦᠵᠡᠭᠦᠯᠵᠦ  ᠪᠠᠢᠭ᠎ᠠ  ᠪᠥᠭᠡᠳ  ᠥᠪᠡᠷ ᠲᠡᠭᠡᠨ ᠮᠥᠩᠭᠦᠨ ᠲᠠᠷᠬᠠᠨ ᠤ ᠠᠵᠤ ᠬᠢᠵᠦ ᠭᠠᠷ ᠤᠷᠠᠯᠠᠯ ᠤᠷᠤᠯᠳᠤᠳᠠᠭ ᠭᠡᠨ᠎ᠡ᠃ ᠪᠢᠳᠡ ᠬᠡᠳᠦᠬᠦᠯᠨ ᠨᠣᠮ ᠢᠶᠠᠷ ᠲᠠᠨᠢᠯᠴᠠᠵᠤ  ᠨᠣᠮ ᠤᠨ ᠵᠣᠭᠤᠭ ᠶᠠᠷᠢᠯᠳᠤᠭᠰᠠᠭᠠᠷ ᠳᠡᠯᠭᠡᠭᠦᠷ ᠡᠴᠡ ᠭᠠᠷᠴᠤ ᠪᠠᠰᠠ ᠨᠢᠭᠡ ᠮᠣᠩᠭᠤᠯ ᠨᠣᠮ ᠤᠨ ᠳᠡᠯᠭᠡᠭᠦᠷ ᠢ ᠴᠢᠭᠯᠡᠵᠦ ᠬᠦᠷᠦᠭᠰᠡᠨ ᠪᠣᠯᠪᠠᠴᠤ ᠡᠵᠡᠨᠳᠡᠨ ᠨᠢ ᠡᠷᠢᠶᠡᠨ ᠳᠤ ᠶᠠᠪᠤᠭᠰᠠᠨ ᠳᠤᠯᠨ ᠡᠭᠦᠳᠡ ᠨᠢ ᠣᠨᠢᠰᠤ ᠲᠠᠢ  ᠪᠠᠢᠭ᠎ᠠ ᠶᠢ  ᠵᠡᠷᠭᠡᠯᠡᠳᠡᠭᠡ  ᠭᠡᠷ ᠡᠴᠡ ᠨᠢ  ᠠᠰᠠᠭᠤᠵᠤ ᠮᠡᠳᠡᠯ᠎ᠡ᠃         ᠰᠢᠨᠡᠬᠡᠨ ᠲᠠᠨᠢᠯᠴᠠᠭᠰᠠᠨ ᠠᠯᠳᠠᠨᠬᠤᠶᠠᠭ ᠲᠡᠬᠦᠯᠢᠨ᠎ᠡ ᠠᠪᠤ  ᠬᠡᠦᠬᠡᠨ  ᠬᠣᠶᠠᠭᠤᠯᠠ ᠡᠴᠡ  ᠰᠠᠯᠵᠤ᠂  ᠰᠢᠯᠤᠭᠤᠨ  ᠴᠠᠭᠠᠨ ᠪᠠᠭᠤᠳᠠᠯ ᠳᠤ ᠬᠦᠷᠬᠦ ᠳᠤ ᠬᠣᠰᠢᠭᠤᠨ ᠤ ᠤᠳᠭ᠎ᠠ ᠤᠷᠠᠯᠢᠭ ᠤᠨ ᠬᠢᠨ ᠤ ᠬᠣᠯᠪᠤᠭᠠᠨ ᠤ ᠪᠠᠢᠩᠭᠤ ᠶᠢᠨ ᠳᠡᠳ᠋ ᠲᠡᠷᠢᠭᠦᠯᠡᠭᠴᠢ   ᠲ᠊· ᠰᠣᠶᠤᠯᠲᠤ᠂ ᠥᠪᠦᠷ  ᠮᠣᠩᠭᠤᠯ ᠤᠨ  ᠡᠳᠦᠷ ᠤᠨ  ᠰᠣᠨᠢᠨ ᠤ  ᠰᠤᠷᠪᠤᠯᠵᠢᠯᠠᠭᠴᠢ  ᠦᠨᠡᠨᠵᠢᠷᠭᠠᠯ  ᠬᠣᠶᠠᠭᠤᠯᠠ  ᠨᠠᠮ᠎ᠠ ᠶᠢ ᠤᠭᠲᠤᠨ ᠠᠪᠴᠤ ᠪᠢᠯᠡ᠃ ︽ᠬᠤᠷᠠᠯ ᠤᠨ ᠲᠣᠬᠢᠷᠠᠭᠤᠯᠤᠯᠲᠠ︾ ᠬᠡᠮᠡᠬᠦ  ᠭᠠᠷ  ᠳᠡᠪᠲᠡᠷ  ᠳᠡᠭᠡᠷ᠎ᠡ  ᠠᠵᠢᠯᠯᠠᠵᠤ  ᠠᠮᠠᠷᠠᠬᠤ ᠡᠴᠡ ᠡᠬᠢᠯᠡᠨ ᠠᠩᠬᠠᠷᠬᠤ ᠵᠦᠢᠯ ᠳᠤ ᠬᠦᠷᠳᠡᠯ᠎ᠡ  ᠳᠤᠩ  ᠨᠠᠷᠢᠯᠢᠭ  ᠪᠢᠴᠢᠵᠦ  ᠲᠣᠬᠢᠷᠠᠭᠤᠯᠤᠭᠰᠠᠨ ᠢ  ᠬᠠᠷᠠᠵᠤ᠂  ᠡᠨᠡ  ᠤᠳᠠᠭᠠᠨ ᠤ ᠬᠥᠳᠡᠯᠭᠡᠭᠡᠨ ᠢ ᠮᠠᠰᠢ ᠨᠠᠷᠢᠯᠢᠭ ᠪᠠᠢᠷᠢᠯᠠᠭᠤᠯᠵᠤ ᠪᠠᠢᠭ᠎ᠠ ᠶᠢ ᠦᠵᠡᠵᠦ ᠣᠢᠯᠠᠭᠠᠯ᠎ᠠ᠃                             2016 ᠣᠨ ᠤ 8 ᠰᠠᠷ᠎ᠠ ᠶᠢᠨ 12 ᠤᠨ ᠡᠳᠦᠷ ︵ᠪᠢᠯᠢᠭ᠌ ᠤᠨ  ᠳᠣᠯᠤᠭᠠᠨ  ᠰᠠᠷ᠎ᠠ ᠶᠢᠨ  ᠠᠷᠪᠠᠨ᠎ᠠ᠂  ᠭᠠᠷᠠᠭ ᠤᠨ ᠲᠠᠪᠤᠨ︶ ᠪᠠᠭ᠎ᠠ ᠪᠣᠷᠤᠭᠠᠨ ᠲᠠᠢ         ᠦᠳᠡ ᠶᠢᠨ ᠡᠮᠦᠨᠡᠬᠢ ᠶᠢᠰᠦᠨ ᠴᠠᠭ ᠲᠤ ᠰᠢᠯᠤᠭᠤᠨ ᠴᠠᠭᠠᠨ  ᠬᠣᠰᠢᠭᠤᠨ ᠤ  ᠵᠠᠰᠠᠭ ᠤᠨ  ᠣᠷᠳᠤᠨ ᠤ  ᠠᠰᠠᠷ ᠤᠨ ᠳᠥᠷᠪᠡᠳᠦᠭᠡᠷ ᠳᠠᠪᠬᠤᠷᠯᠢᠭ ᠲᠤ ᠡᠬᠢᠯᠡᠯᠲᠡ ᠶᠢᠨ ᠶᠣᠰᠤᠯᠠᠯ ᠬᠢᠪᠡ᠃ ᠬᠤᠷᠠᠯ ᠤᠨ ᠭᠡᠷ ᠤᠨ ᠬᠠᠨᠠᠨ ᠳᠡᠭᠡᠷ᠎ᠡ ︽ᠪᠦᠬᠦ ᠣᠷᠤᠨ ᠤ ︿ ᠲᠠᠯ᠎ᠠ ᠶᠢᠨ ᠲᠤᠶᠠᠭ᠎ᠠ  ﹀  ᠪᠢᠯᠢᠭ᠌ ᠤᠨ  ᠴᠢᠭᠤᠯᠭᠠᠨ︾  ᠭᠡᠰᠡᠨ  ᠬᠥᠨᠳᠡᠯᠡᠨ  ᠤᠯᠠᠭᠠᠨ  ᠪᠢᠴᠢᠭᠡᠰᠦ  ᠣᠨᠴᠠ ᠶᠢᠨ  ᠢᠯᠡ ᠲᠠᠢ ᠬᠠᠷᠠᠭᠳᠠᠨ᠎ᠠ᠃  ᠡᠨᠡᠬᠦ  ᠪᠢᠯᠢᠭ᠌ ᠤᠨ  ᠴᠢᠭᠤᠯᠭᠠᠨ ᠢ  ᠥᠪᠦᠷ  ᠮᠣᠩᠭᠤᠯ ᠤᠨ  ᠡᠳᠦᠷ ᠤᠨ  ᠰᠣᠨᠢᠨ ᠤ  ᠬᠣᠷᠢᠶ᠎ᠠ᠂   ᠥᠪᠦᠷ ᠮᠣᠩᠭᠤᠯ ᠤᠨ ᠵᠣᠬᠢᠶᠠᠯᠴᠢᠳ ᠤᠨ ᠡᠪᠯᠡᠯ᠂ ᠰᠢᠯᠤᠭᠤᠨ ᠬᠥᠪᠡᠭᠡᠲᠦ ᠴᠠᠭᠠᠨ ᠬᠣᠰᠢᠭᠤᠨ ᠤ ᠨᠠᠮ ᠤᠨ ᠬᠣᠷᠢᠶ᠎ᠠ ᠶᠢᠨ ᠤᠬᠠᠭᠤᠯᠬᠤ ᠬᠡᠯᠲᠡᠰ ᠭᠣᠣᠯᠯᠠᠨ ᠡᠷᠬᠢᠯᠡᠭᠰᠡᠨ ᠶᠤᠮ ᠪᠠᠢᠨ᠎ᠠ᠃ ᠬᠤᠷᠠᠯ ᠢ ᠰᠢᠯᠤᠭᠤᠨ ᠴᠠᠭᠠᠨ ᠬᠣᠰᠢᠭᠤᠨ ᠤ ᠤᠳᠭ᠎ᠠ  ᠤᠷᠠᠯᠢᠭ ᠤᠨ ᠬᠢᠨ ᠤ ᠬᠣᠯᠪᠤᠭᠠᠨ ᠤ ᠪᠠᠢᠩᠭᠤ ᠶᠢᠨ ᠳᠡᠳ᠋ ᠲᠡᠷᠢᠭᠦᠯᠡᠭᠴᠢ ᠲ᠊ · ᠰᠣᠶᠤᠯᠲᠤ ᠬᠦᠳᠦᠯᠪᠡ᠃ ᠬᠠᠮᠤᠭ ᠲᠦᠷᠦᠭᠦᠨ ᠳᠤ ᠡᠨᠡᠬᠦ ᠤᠳᠠᠭ᠎ᠠ ᠶᠢᠨ ᠴᠢᠭᠤᠯᠭᠠᠨ ᠢ  ᠡᠷᠬᠢᠯᠡᠭᠰᠡᠨ  ᠨᠢᠭᠡᠴᠡ ᠶᠢᠨ  ᠨᠢᠭᠡ  ᠪᠣᠯᠬᠤ  ᠥᠪᠦᠷ  ᠮᠣᠩᠭᠤᠯ ᠤᠨ  ᠵᠣᠬᠢᠶᠠᠯᠴᠢᠳ ᠤᠨ  ᠡᠪᠯᠡᠯ ᠤᠨ  ᠳᠡᠳ᠋ ᠲᠡᠷᠢᠭᠦᠯᠡᠭᠴᠢ ᠨᠠ᠊᠊ · ᠰᠢᠯᠢᠨᠪᠠᠭᠠᠳᠤᠷ ᠭᠤᠸᠠᠢ ᠡᠴᠡ ᠤᠷᠮ᠎ᠠ ᠲᠠᠢ ᠰᠠᠢᠬᠠᠨ ᠶᠠᠷᠢᠶ᠎ᠠ ᠲᠠᠯᠪᠢᠯ᠎ᠠ᠃ ᠰᠢ᠊  ᠪᠠᠭᠰᠢ ᠡᠴᠡ  ᠰᠢᠯᠤᠭᠤᠨ ᠴᠠᠭᠠᠨ ᠤ ᠤᠳᠭ᠎ᠠ ᠵᠣᠬᠢᠶᠠᠯ ᠤᠨ ᠲᠠᠯ᠎ᠠ ᠶᠢᠨ ᠠᠮᠵᠢᠯᠲᠠ ᠪᠦᠲᠦᠮᠵᠢ ᠶᠢ ᠭᠦᠢᠴᠡᠳ ᠨᠤᠲᠠᠯᠠᠵᠤ᠂ ︽ᠮᠣᠩᠭᠤᠯ ᠷᠤᠮᠠᠨ ᠤ ᠵᠣᠬᠢᠶᠠᠨ ᠪᠦᠲᠦᠭᠡᠬᠦ ᠰᠠᠭᠤᠷᠢᠨ︾ ᠢᠶᠠᠷ ᠨᠡᠷᠡᠢᠳᠦᠭᠳᠡᠭᠰᠡᠨ ᠵᠡᠷᠭᠡ ᠶᠢ ᠣᠨᠴᠠᠯᠠᠨ ᠳᠤᠷᠠᠳᠪᠠ᠃ ᠪᠠᠰᠠ ᠣᠳᠣᠬᠠᠨ ᠤ ᠳᠤᠮᠳᠠᠳᠤ ᠤᠯᠤᠰ ᠤᠨ ᠵᠣᠬᠢᠶᠠᠯᠴᠢᠳ ᠤᠨ ᠨᠡᠢᠭᠡᠮᠯᠢᠭ ᠡᠴᠡ ᠡᠷᠬᠢᠯᠡᠵᠦ  ᠪᠠᠢᠭ᠎ᠠ  ᠠᠵᠢᠯᠯᠠᠭᠠᠨ ᠤ  ᠲᠤᠬᠠᠢ  ᠲᠠᠨᠢᠯᠴᠠᠭᠤᠯᠵᠤ᠂  ᠪᠠᠢ  ᠦᠨᠳᠦᠰᠦᠲᠡᠨ ᠤ ᠵᠣᠬᠢᠶᠠᠯᠴᠢ ᠾᠧ ᠶᠦᠩ ᠹᠧᠢ ᠶᠢᠨ ᠰᠠᠶᠢᠬᠠᠨ ︽ᠠᠵᠢᠨᠠᠢ ᠬᠦᠯᠦᠭ︾ ᠱᠠᠩ ᠳᠤᠰᠤᠭᠰᠠᠨ ᠤᠷᠳᠤ ᠰᠢᠯᠦᠭ  ︽ᠴᠠᠢ ᠶᠢᠨ  ᠵᠠᠮ︾ ᠬᠡᠮᠡᠬᠦ ᠨᠣᠮ ᠢ ᠲᠠᠨᠢᠯᠴᠠᠭᠤᠯᠪᠠ᠃ ᠳᠠᠷᠠᠭ᠎ᠠ ᠨᠢ  ᠮᠠᠨ ᠤ  ᠣᠷᠤᠨ ᠤ  ᠶᠠᠪᠤᠭᠤᠯᠵᠤ  ᠪᠠᠢᠭ᠎ᠠ  ︽ᠲᠠᠯ᠎ᠠ  ᠨᠤᠲᠤᠭ ᠤᠨ  ᠵᠣᠬᠢᠶᠠᠨ ᠪᠦᠲᠦᠭᠡᠯᠭᠡ ᠶᠢ ᠳᠡᠮᠵᠢᠨ ᠲᠡᠳᠭᠦᠬᠦ ᠢᠨᠵᠧᠨᠧᠷᠢᠩ︾ ᠤᠨ ᠲᠤᠬᠠᠢ ᠲᠠᠨᠢᠯᠴᠠᠭᠤᠯᠤᠭᠰᠠᠨ ᠪᠥᠭᠡᠳ ᠵᠣᠬᠢᠶᠠᠯᠴᠢᠳ ᠤᠨ ᠠᠮᠢᠳᠤᠷᠠᠯ ᠳᠤ ᠬᠦᠨᠵᠡᠬᠡᠢᠷᠡᠬᠦ ᠶᠢᠨ ᠴᠢᠬᠤᠯᠠ ᠴᠢᠨᠠᠷ ᠤᠨ ᠲᠤᠬᠠᠢ ᠶᠠᠷᠢᠯ᠎ᠠ᠃ ᠵᠠᠯᠭᠠᠭᠠᠳ ᠡᠨᠡᠬᠦ ᠤᠳᠠᠭᠠᠨ ᠤ ᠪᠢᠯᠢᠭ᠌ ᠤᠨ ᠴᠢᠭᠤᠯᠭᠠᠨ ᠢ  ᠰᠡᠳᠦᠨ ᠤᠬᠠᠭᠠᠯᠠᠵᠤ ᠵᠣᠬᠢᠶᠠᠨ ᠪᠠᠢᠭᠤᠯᠤᠭᠰᠠᠨ  ᠨᠢᠭᠡᠴᠡ  ᠪᠣᠯᠬᠤ  ᠥᠪᠦᠷ  ᠮᠣᠩᠭᠤᠯ ᠤᠨ  ᠡᠳᠦᠷ ᠤᠨ  ᠰᠣᠨᠢᠨ ᠤ  ᠬᠣᠷᠢᠶ᠎ᠠ ᠶᠢᠨ ᠮᠣᠩᠭᠤᠯ ᠰᠣᠨᠢᠨ ᠤ ᠭᠠᠷᠠᠭ ᠤᠨ ᠬᠡᠪᠯᠡᠯ ᠤᠨ ᠡᠷᠬᠢᠯᠡᠭᠴᠢ ᠣᠶᠤᠨᠪᠠᠲᠤ ᠡᠴᠡ  ︽ᠲᠠᠯ᠎ᠠ ᠶᠢᠨ  ᠲᠤᠶᠠᠭ᠎ᠠ︾ ᠶᠢᠨ  ᠲᠡᠦᠬᠡ᠂  ᠠᠴᠢ ᠦᠢᠯᠡᠳᠦᠯ ᠢ ᠨᠢ ᠳᠤᠭᠠᠴᠢᠨ᠂ ︽ᠲᠠᠯ᠎ᠠ ᠶᠢᠨ ᠲᠤᠶᠠᠭ᠎ᠠ︾ ᠪᠢᠯᠢᠭ᠌ ᠤᠨ ᠴᠢᠭᠤᠯᠭᠠᠨ ᠤ ᠲᠤᠬᠠᠢ ᠪᠠᠨ ᠶᠠᠷᠢᠯ᠎ᠠ᠃         ᠡᠨᠡ ᠤᠳᠠᠭᠠᠨ ᠤ ᠪᠢᠯᠢᠭ᠌ ᠤᠨ ᠴᠢᠭᠤᠯᠭᠠᠨ ᠨᠢ ᠨᠢᠭᠡ  ᠠᠢᠮᠠᠭ  ᠬᠤᠳᠠ ᠳᠤ  ᠨᠢᠭᠡ  ᠯᠡ  ᠨᠤᠷᠮ᠎ᠠ  ᠨᠣᠭᠳᠠᠭᠤᠯᠵᠤ ᠤᠷᠢᠯᠭ᠎ᠠ ᠥᠭᠴᠡᠢ᠃ ᠴᠢᠭᠤᠯᠭᠠᠨ ᠳᠤ ᠢᠷᠡᠭᠰᠡᠳ ᠢ ᠠᠵᠢᠶᠠᠷᠠᠬᠤ ᠳᠤ ᠬᠢᠩᠭᠠᠨ ᠤ ᠠᠷᠪᠠᠨᠳᠠᠪᠤᠨ᠂ ᠵᠠᠷᠤᠳ ᠤᠨ ᠲᠤᠭᠤᠵᠢᠰ ᠤᠨ ᠵᠣᠬᠢᠶᠠᠯᠴᠢ ᠪᠠᠢ ᠹᠦ᠋ ᠷᠦᠩ᠂ ᠤᠯᠠᠭᠠᠨᠬᠠᠳᠠ ᠶᠢ ᠲᠥᠯᠦᠭᠡᠯᠡᠵᠦ  ᠪᠢ᠂  ᠪᠤᠭᠤᠲᠤ  ᠬᠤᠳᠠ ᠡᠴᠡ  ᠰ᠊  ·  ᠪᠣᠯᠤᠷ᠂  ᠣᠷᠳᠤᠰ ᠬᠤᠳᠠ ᠡᠴᠡ ᠵᠠᠯᠠᠭᠤ ᠵᠣᠬᠢᠶᠠᠯᠴᠢ ᠬᠡᠷᠡᠢᠳ ᠣ · ᠬᠠᠰᠴᠢᠨᠳᠠᠭ᠎ᠠ᠂  ᠪᠠᠶᠡᠡᠨᠠᠭᠤᠷ ᠤᠨ  ᠶ᠊  ·  ᠮᠦᠩᠬᠡᠵᠢᠷᠭᠠᠯ᠂  ᠠᠯᠠᠱᠠ ᠡᠴᠡ ᠰᠧᠶᠢᠩᠰᠠᠩ᠂  ᠤᠯᠠᠭᠠᠨᠴᠠᠪ ᠤᠨ  ᠳᠥᠷᠪᠡᠳ ᠡᠴᠡ  ᠦ᠊᠂  ᠠᠯᠳᠠᠨᠪᠤᠯᠠᠭ᠂  ᠬᠥᠬᠡᠬᠣᠲᠠ ᠡᠴᠡ  ᠫᠣᠩᠰᠤᠭ ᠤᠨ  ᠰᠠᠨᠠᠭᠠᠷᠪᠤᠤ᠂ ᠰᠢᠯᠢ ᠶᠢᠨ ᠬᠤᠳᠠ ᠡᠴᠡ ᠦ᠊ · ᠰᠡᠷᠭᠦᠯᠡᠩ᠂ ᠠ᠊ · ᠢᠷᠠᠭᠤ᠂ ᠰᠢᠯᠤᠭᠤᠨ ᠬᠥᠬᠡ ᠡᠴᠡ ᠷᠢ᠊ ·  ᠰᠡᠴᠡᠨᠴᠤᠭᠳᠤ᠂  ᠬᠥᠪᠡᠭᠡᠲᠦ ᠰᠢᠷ᠎ᠠ ᠡᠴᠡ ᠲᠠᠯᠠᠨᠪᠠᠶᠠᠷ ᠵᠡᠷᠭᠡ ᠲᠥᠯᠦᠭᠡᠯᠡᠭᠴᠢ ᠣᠷᠤᠯᠴᠠᠭᠰᠠᠨ ᠶᠤᠮ ᠪᠠᠢᠨ᠎ᠠ᠃ ᠰᠢᠯᠤᠭᠤᠨ ᠴᠠᠭᠠᠨ ᠤ ᠵᠣᠬᠢᠶᠠᠯᠴᠢ ᠡᠴᠡ ᠠᠬᠠᠮᠠᠳ ᠵᠣᠬᠢᠶᠠᠯᠴᠢ ᠮᠢᠨᠦ ᠬᠠᠭᠤᠴᠢᠨ ᠲᠠᠨᠢᠯ ᠪ᠊ · ᠰᠣᠳᠨᠠᠮᠴᠡᠷᠢᠨ ᠪᠠ ᠢᠷᠠᠭᠤ ᠨᠠᠢᠷᠠᠭᠴᠢ᠂  ᠣᠷᠴᠢᠭᠤᠯᠤᠭᠴᠢ  ᠳᠣ᠋  ·  ᠰᠡᠴᠡᠨᠪᠠᠶᠠᠷ᠂ ᠮᠠᠯᠴᠢᠨ ᠵᠣᠬᠢᠶᠠᠯᠴᠢ ᠡᠷᠳᠡᠨᠢᠳᠤᠭᠳᠠᠬᠤ᠂ ᠡᠮᠡᠭᠲᠡᠢ ᠵᠣᠬᠢᠶᠠᠯᠴᠢ ᠲ᠊ · ᠡᠷᠳᠡᠨᠢᠴᠢᠮᠡᠭ᠂  ᠮᠦᠨᠴᠢᠯᠠᠭᠤ᠂  ᠬᠠᠰᠴᠢᠮᠡᠭ  ᠪᠠᠢᠬᠤ ᠶᠢᠨ ᠬᠠᠮᠲᠤ ᠪᠡᠶ᠎ᠡ ᠵᠡᠮᠳᠡᠭ ᠴᠦ ᠪᠢᠯᠢᠭ᠌ ᠰᠠᠴᠤᠷᠠᠩᠭᠤᠢ ᠴᠢ᠊ · ᠶᠡᠷᠡᠨᠬᠦᠦ ᠵᠡᠷᠭᠡ ᠬᠣᠷᠢᠭᠠᠳ ᠵᠣᠬᠢᠶᠠᠯᠴᠢ ᠣᠷᠤᠯᠴᠠᠵᠠᠢ᠃  ᠲᠡᠷᠯᠢᠭ ᠢᠶᠠᠷ ᠭᠣᠶᠤᠯᠠᠭᠰᠠᠨ ᠨᠢᠭᠡ ᠬᠥᠮᠦᠨ ᠨᠢᠳᠦᠨ ᠳᠤ ᠨᠢᠭᠡ ᠯᠡ ᠬᠠᠯᠠᠭᠤᠬᠠᠠ ᠬᠠᠷᠠᠭᠳᠠᠭᠠᠳ ᠪᠠᠢᠨ᠎ᠠ᠃ ᠬᠠᠷᠢᠨ ᠦᠴᠦᠬᠡᠳᠦᠷ  ᠨᠣᠮ ᠤᠨ ᠳᠡᠯᠭᠡᠭᠦᠷ ᠲᠤ ᠲᠠᠨᠢᠯᠴᠠᠭᠰᠠᠨ ᠠᠯᠳᠠᠨᠬᠤᠶᠠᠭ ᠮᠢᠨᠢ ᠤᠷᠠᠨ ᠵᠣᠬᠢᠶᠠᠯ ᠳᠤ ᠳᠤᠷ᠎ᠠ ᠪᠠᠬᠠᠲᠠᠢ ᠬᠥᠮᠦᠨ ᠤ ᠨᠢᠭᠡ ᠨᠢ ᠪᠠᠢᠭᠰᠠᠨ  ᠭᠡᠵᠢ᠂ ᠢᠷᠦᠭᠡᠯ ᠲᠠᠢ ᠶᠤᠮ ᠪᠠᠢᠨ᠎ᠠ᠃         ᠬᠤᠷᠠᠯ ᠤᠨ  ᠲᠡᠭᠦᠰᠭᠡᠯ ᠳᠤ  ᠰᠢᠯᠤᠭᠤᠨ  ᠴᠠᠭᠠᠨ ᠤ  ᠤᠬᠠᠭᠤᠯᠬᠤ  ᠬᠡᠯᠲᠡᠰ ᠤᠨ  ᠳᠠᠷᠤᠭ᠎ᠠ  ᠠᠷᠢᠭᠤᠨ᠎ᠠ  ᠰᠡᠳᠭᠢᠯ ᠬᠦᠳᠡᠯᠬᠡᠮ᠎ᠡ ᠶᠠᠷᠢᠶ᠎ᠠ ᠲᠠᠯᠪᠢᠵᠤ᠂ ︽ᠮᠡᠷᠭᠡᠳ ᠭᠠᠷᠬᠤ ᠶᠢᠨ ᠲᠠᠭᠰᠢᠨ ᠣᠷᠤᠨ︾  ᠰᠢᠯᠤᠭᠤᠨ  ᠴᠠᠭᠠᠨ ᠳᠤ  ᠬᠤᠷᠠᠭᠰᠠᠨ  ᠤᠯᠠᠨ ᠬᠤᠳᠠᠯᠨ ᠠᠮᠤᠷ ᠪᠠᠶᠠᠰᠴᠤ ᠶᠠᠪᠤᠬᠤ ᠶᠢᠨ ᠢᠷᠦᠭᠡᠯ ᠵᠥᠩᠨᠡᠯ ᠲᠡᠪᠰᠢᠬᠦᠯᠵᠡᠢ᠃         ᠵᠠᠯᠭᠠᠭᠠᠳ ᠥᠪᠦᠷ ᠮᠣᠩᠭᠤᠯ ᠤᠨ ᠶᠡᠬᠡ ᠰᠤᠷᠭᠠᠭᠤᠯᠢ ᠶᠢᠨ ᠮᠣᠩᠭᠤᠯ  ᠰᠤᠳᠤᠯᠤᠯ ᠤᠨ  ᠳᠡᠭᠡᠳᠦ  ᠰᠤᠷᠭᠠᠭᠤᠯᠢ ᠶᠢᠨ ᠫᠷᠦᠹᠸᠰᠰᠤᠷ ᠡᠷᠳᠡᠨᠢᠬᠠᠳᠠ ᠡᠴᠡ ︽ᠳᠡᠯᠡᠬᠡᠢ ᠶᠢᠨ ᠬᠠᠷᠠᠭᠠᠨ ᠳᠠᠬᠢ ᠮᠣᠩᠭᠤᠯ ᠤᠷᠠᠨ ᠵᠣᠬᠢᠶᠠᠯ︾ ᠭᠡᠬᠦ  ᠰᠡᠳᠦᠪ ᠢᠶᠠᠷ  ᠢᠯᠡᠳᠭᠡᠯ ᠬᠢᠯ᠎ᠡ᠃ ᠡᠷᠳᠡᠨᠢᠬᠠᠳᠠ ᠭᠤᠸᠠᠢ ᠡᠴᠡ  ᠮᠣᠩᠭᠤᠯᠴᠤᠳ  ᠠᠷᠪᠠᠨ  ᠲᠠᠪᠤᠳᠤᠭᠠᠷ  ᠵᠠᠭᠤᠨ ᠡᠴᠡ  ᠡᠬᠢᠯᠡᠵᠦ  ᠣᠷᠴᠢᠭᠤᠯᠭ᠎ᠠ ᠶᠢᠨ ᠪᠦᠲᠦᠭᠡᠯ ᠢᠶᠠᠷ ᠳᠠᠮᠵᠢᠨ ᠳᠡᠯᠡᠬᠡᠢ ᠶᠢᠨ ᠤᠷᠠᠨ ᠵᠣᠬᠢᠶᠠᠯ ᠲᠠᠢ ᠲᠠᠨᠢᠯᠴᠠᠵᠤ ᠪᠠᠢᠭᠰᠠᠨ ᠲᠤᠬᠠᠢ ᠡᠰᠢ ᠲᠠᠲᠠᠨ ᠬᠡᠯᠡᠬᠦ ᠳᠡᠭᠡᠨ ᠡᠷᠲᠡᠨ ᠤ ᠡᠨᠡᠳᠬᠡᠭ ᠲᠥᠪᠡᠳ ᠤᠨ ᠤᠷᠠᠨ ᠵᠣᠬᠢᠶᠠᠯ ᠢ ᠮᠣᠩᠭᠤᠯᠴᠤᠳ ︽ᠰᠣᠨᠤᠰᠤᠶ᠎ᠠ ᠭᠡᠪᠡᠯ ︿  ᠰᠤᠪᠡᠰᠢᠳᠢ  ﹀᠂  ᠦᠵᠡᠶ᠎ᠡ  ᠭᠡᠪᠡᠯ  ︿ ᠦᠯᠢᠭᠡᠷ ᠤᠨ ᠳᠠᠯᠠᠢ ﹀᠂ ᠢᠨᠢᠶᠡᠶ᠎ᠡ ᠭᠡᠪᠡᠯ ︿ ᠢᠯᠢᠶᠠᠨᠳᠠᠨᠳᠢ ﹀᠂ ᠤᠬᠢᠯᠠᠶ᠎ᠠ ᠭᠡᠪᠡᠯ  ︿  ᠤᠱᠠᠨᠢᠳᠠᠷ᠎ᠠ  ﹀︾  ᠭᠡᠵᠦ  ᠠᠷᠠᠳ ᠤᠨ ᠳᠤᠮᠳᠠ ᠲᠦᠭᠡᠮᠡᠯ ᠳᠡᠯᠭᠡᠷᠡᠵᠦ ᠪᠠᠢᠭᠰᠠᠨ ᠲᠤᠬᠠᠢ ᠶᠠᠷᠢᠯ᠎ᠠ᠃  ᠪᠠᠰᠠ  ᠮᠣᠩᠭᠤᠯ  ᠤᠷᠠᠨ  ᠵᠣᠬᠢᠶᠠᠯ ᠤᠨ  ᠤᠷᠤᠰᠭᠠᠯ  ᠪᠦᠯᠦᠭ ᠪᠦᠷᠢᠯᠳᠦᠬᠦ ᠳᠤ ᠵᠠᠪᠠᠯ ᠬᠡᠪ ᠨᠠᠮᠪᠠ ᠪᠦᠷᠢᠯᠳᠦᠬᠦ ᠪᠣᠯ ᠤᠷᠢᠲᠠᠯ ᠨᠥᠬᠦᠴᠡᠯ ᠪᠣᠯᠬᠤ ᠲᠤᠬᠠᠢ ᠤᠴᠢᠷᠯᠠᠵᠤ  ᠶᠠᠷᠢᠭᠰᠠᠨ ᠨᠢ  ᠬᠠᠰᠢᠯᠨ ᠤᠳᠭ᠎ᠠ ᠵᠣᠬᠢᠶᠠᠯ ᠤᠨ ᠣᠨᠤᠯ ᠤᠷᠤᠯᠳᠤᠳᠠᠭ ᠬᠥᠮᠦᠨ ᠥᠨᠳᠦᠷ ᠲᠦᠪᠰᠢᠨ ᠡᠴᠡ ᠶᠠᠭᠤᠮ᠎ᠠ ᠶᠢ ᠬᠠᠷᠠᠳᠠᠭ ᠶᠤᠮ ᠪᠠᠢᠨ᠎ᠠ  ᠭᠡᠵᠦ ᠢᠯᠡᠳᠭᠡᠯ ᠢ ᠨᠢ ᠰᠣᠨᠤᠰᠴᠤ ᠪᠠᠢᠬᠤ ᠳᠠᠭᠠᠨ ᠪᠣᠳᠤᠯ᠎ᠠ᠃         ᠦᠳᠡ ᠶᠢᠨ ᠬᠣᠢᠨ᠎ᠠ ᠠᠯᠳᠠᠷᠲᠤ ᠰᠢᠭᠦᠮᠵᠢᠯᠡᠭᠴᠢ᠂ ᠢᠷᠠᠭᠤ ᠨᠠᠢᠷᠠᠭᠴᠢ᠂  ︽ᠠᠯᠳᠠᠨ  ᠳᠦᠯᠬᠢᠬᠦᠷ︾  ᠰᠡᠳᠭᠦᠯ ᠤᠨ ᠤᠤᠯ ᠤᠨ  ᠶᠡᠷᠦᠩᠬᠡᠢ  ᠨᠠᠢᠷᠠᠭᠤᠯᠤᠭᠴᠢ  ᠵ᠊  ·  ᠷᠢᠨᠴᠢᠨᠳᠣᠷᠵᠢ ᠡᠴᠡ   ︽ᠮᠣᠩᠭᠤᠯ   ᠤᠷᠠᠨ   ᠵᠣᠬᠢᠶᠠᠯ ᠤᠨ   ᠵᠣᠬᠢᠶᠠᠨ ᠪᠦᠲᠦᠭᠡᠯᠭᠡ ᠶᠢᠨ  ᠣᠳᠣᠬᠢ  ᠪᠠᠢᠳᠠᠯ︾  ᠭᠡᠬᠦ  ᠰᠡᠳᠦᠪ ᠤᠨ  ᠲᠣᠭᠤᠷᠢᠨ ᠳᠤ  ᠲᠠᠢᠯᠤᠨ  ᠬᠢᠪᠡ᠃  ᠷᠢᠨᠴᠢᠨᠳᠣᠷᠵᠢ  ᠭᠤᠸᠠᠢ ᠶᠠᠷᠢᠬᠤ ᠳᠠᠭᠠᠨ᠂ ᠵᠣᠬᠢᠶᠠᠯᠴᠢ ᠬᠥᠮᠦᠨ ᠵᠠᠪᠠᠯ ᠰᠡᠳᠭᠢᠯ ᠤᠨ  ᠬᠤᠷᠠᠮᠳᠤᠯ  ᠪᠠᠢᠬᠤ  ᠬᠡᠷᠡᠭᠲᠡᠢ᠃  ᠰᠡᠳᠭᠢᠯ ᠤᠨ  ᠬᠤᠷᠠᠮᠳᠤᠯ ᠳᠤ ︽ᠡᠬᠡ ᠪᠠᠢᠭᠠᠯᠢ ᠨᠤᠲᠤᠭ ᠤᠰᠤ ᠪᠠᠨ ᠬᠠᠢᠷᠠᠯᠬᠠᠤ ᠰᠡᠳᠭᠢᠯᠭᠡ᠂ ᠡᠵᠢ ᠠᠪᠤ ᠡᠯᠢᠭᠡᠨ ᠰᠠᠳᠤᠨ ᠢᠶᠠᠨ  ᠬᠠᠢᠷᠠᠯᠠᠬᠤ  ᠰᠡᠳᠭᠢᠯᠭᠡ᠂ ᠪᠠᠭᠠᠲᠤᠷᠯᠢᠭ ᠲᠡᠦᠬᠡ ᠪᠠᠨ ᠪᠠᠬᠠᠳᠤᠨ ᠳᠠᠭᠤᠯᠠᠬᠤ ᠰᠡᠳᠭᠢᠯᠭᠡ︾ ᠭᠤᠷᠪᠠ ᠪᠠᠭᠲᠠᠨ᠎ᠠ ᠭᠡᠪᠡ᠃ ᠪᠠᠰᠠ ᠵᠠᠯᠭᠠᠭᠠᠳ ᠤᠷᠠᠨ ᠵᠣᠬᠢᠶᠠᠯ ᠵᠣᠬᠢᠶᠠᠨ ᠪᠦᠲᠦᠭᠡᠬᠦ ᠳᠤ ︽ᠬᠥᠮᠦᠨ ᠤ  ᠠᠮᠢᠳᠤᠷᠠᠯ᠂  ᠬᠥᠮᠦᠨ ᠤ  ᠬᠤᠪᠢ  ᠵᠠᠶᠠᠭ᠎ᠠ᠂  ᠬᠥᠮᠦᠨ ᠤ  ᠰᠡᠳᠭᠢᠯᠭᠡ︾  ᠭᠤᠷᠪᠠ ᠶᠢ ᠬᠠᠷᠠᠭᠤᠯᠤᠭᠰᠠᠨ ᠪᠠᠢᠬᠤ ᠬᠡᠷᠡᠭᠲᠡᠢ᠃ ᠡᠰᠡ ᠲᠡᠢᠮᠦ ᠪᠣᠯ  ᠤᠷᠠᠨ  ᠵᠣᠬᠢᠶᠠᠯ  ᠪᠢᠰᠢ  ᠭᠡᠪᠡ᠃  ᠲᠡᠦᠬᠡᠨ  ᠰᠡᠳᠦᠪᠲᠦ  ᠤᠷᠠᠨ ᠵᠣᠬᠢᠶᠠᠯ ᠨᠢ ᠲᠡᠦᠬᠡ ᠶᠢᠨ ᠦᠨᠡᠨ ᠳᠤ ᠯᠡ ᠪᠠᠷᠢᠭᠳᠠᠭᠠᠳ  ᠤᠷᠠᠨ ᠢᠶᠠᠷ  ᠰᠡᠳᠬᠢᠮᠵᠢᠯᠡᠵᠦ  ᠴᠢᠳᠠᠬᠤ  ᠦᠭᠡᠢ  ᠪᠠᠢᠨ᠎ᠠ᠃  ᠬᠡᠢ ᠰᠡᠳᠬᠢᠮᠵᠢᠯᠡᠯ ᠬᠡᠷᠡᠭ ᠲᠠᠢ ᠪᠠᠢᠨ᠎ᠠ ᠭᠡᠬᠦ ᠵᠡᠷᠭᠡ ᠠᠰᠠᠭᠤᠳᠠᠯ ᠢ ᠣᠨᠤᠯ ᠤᠨ ᠥᠨᠳᠦᠷ ᠲᠦᠪᠰᠢᠨ ᠡᠴᠡ ᠲᠠᠢᠯᠪᠤᠷᠢᠯᠠᠭᠰᠠᠨ ᠨᠢ ᠮᠢᠨᠦ ᠵᠠᠷᠢᠮ ᠮᠠᠳᠠᠭ ᠲᠠᠢ ᠪᠠᠢᠭᠰᠠᠨ ᠵᠦᠢᠯ ᠳᠤ ᠳᠤᠩ ᠰᠠᠢᠬᠠᠨ ᠬᠠᠷᠢᠭᠤᠯᠲᠠ ᠪᠣᠯᠤᠭᠰᠠᠨ ᠪᠠᠢᠨ᠎ᠠ᠃         ᠵᠠᠯᠭᠠᠭᠠᠳ ᠰᠤᠯᠠ  ᠶᠠᠷᠢᠯᠴᠠᠭ᠎ᠠ  ᠥᠷᠨᠢᠭᠦᠯᠵᠦ  ᠣᠷᠤᠯᠴᠠᠭᠰᠠᠨ  ᠵᠣᠬᠢᠶᠠᠯᠴᠢᠳ  ᠥᠪᠡᠷ  ᠥᠪᠡᠷ ᠤᠨ  ᠦᠵᠡᠯᠲᠡ ᠲᠠᠨᠢᠯᠲᠠ ᠪᠠᠨ ᠴᠢᠯᠦᠭᠡᠲᠡᠢ ᠶᠠᠷᠢᠯᠴᠠᠪᠠ᠃                         2016 ᠣᠨ ᠤ 8 ᠰᠠᠷ᠎ᠠ ᠶᠢᠨ 13 ᠤ ᠡᠳᠦᠷ ︵ᠪᠢᠯᠢᠭ᠌ ᠤᠨ ᠳᠣᠯᠤᠭᠠᠨ ᠰᠠᠷ᠎ᠠ ᠶᠢᠨ ᠠᠷᠪᠠᠨ ᠨᠢᠬᠡᠨ᠎ᠡ᠂ ᠭᠠᠷᠠᠭ ᠤᠨ ᠵᠢᠷᠭᠤᠭᠠᠨ︶ ᠲᠤᠩᠭᠠᠯᠠᠭ         ᠥᠨᠦᠳᠦᠷ ᠪᠢᠯᠢᠭ᠌ ᠤᠨ ᠴᠢᠭᠤᠯᠭᠠᠨ ᠤ ᠤᠯᠠᠭᠤᠯᠨ ᠪᠠᠨ ᠰᠢᠯᠤᠭᠤᠨ ᠬᠥᠪᠡᠭᠡᠲᠦ ᠴᠠᠭᠠᠨ ᠬᠣᠰᠢᠭᠤᠨ ᠤ ᠮᠠᠯᠴᠢᠳ ᠤᠨ ᠳᠤᠮᠳᠠ ᠬᠦᠨᠵᠡᠬᠡᠢᠷᠡᠵᠦ᠂  ᠠᠭᠤᠯᠠ  ᠤᠰᠤ ᠪᠠᠷ  ᠲᠣᠭᠤᠷᠢᠨ  ᠪᠠᠢᠭᠠᠯᠢ  ᠠᠬᠤᠢ ᠶᠢ  ᠦᠵᠡᠨ  ︽ᠠᠮᠢᠳᠤᠷᠠᠯ ᠤᠨ  ᠠᠮᠲᠠ᠂ ᠪᠠᠢᠭᠠᠯᠢ ᠶᠢᠨ ᠰᠠᠢᠬᠠᠨ︾ ᠢ ᠬᠦᠷᠲᠡᠬᠦ ᠪᠠᠷ ᠮᠣᠷᠳᠠᠪᠠ᠃         ᠮᠢᠩᠭᠠᠲᠤ ᠪᠠᠯᠭᠠᠰᠤ ᠡᠴᠡ ᠭᠠᠷᠴᠤ ᠵᠡᠭᠦᠨ ᠬᠣᠢᠰᠢ ᠬᠠᠭᠠᠰ ᠴᠠᠭ ᠭᠠᠷᠤᠢ ᠶᠠᠪᠤᠭᠠᠳ ᠶᠡᠬᠡᠨᠠᠭᠤᠷ ᠰᠤᠮᠤ ᠶᠢᠨ  ᠷᠠᠰᠢᠶᠠᠨ ᠭᠠᠴᠠᠭ᠎ᠠ ᠳᠤ ᠬᠦᠷᠴᠦ ᠲᠡᠨᠳᠡ ᠪᠠᠢᠭ᠎ᠠ ︽ᠮᠣᠩᠭᠤᠯ ᠵᠣᠬᠢᠶᠠᠯᠴᠢᠳ ᠤᠨ ᠠᠮᠢᠳᠤᠷᠠᠯ ᠳᠤ ᠬᠦᠨᠵᠡᠬᠡᠢᠷᠡᠬᠦ ᠰᠠᠭᠤᠷᠢᠨ ᠭᠠᠵᠠᠷ︾  ᠪᠠ ︽ᠮᠣᠩᠭᠤᠯ ᠷᠤᠮᠠᠨ ᠵᠣᠬᠢᠶᠠᠨ ᠪᠦᠲᠦᠭᠡᠬᠦ ᠰᠠᠭᠤᠷᠢᠨ︾ ᠭᠠᠵᠠᠷ ᠢ ᠲᠣᠭᠤᠷᠢᠨ  ᠦᠵᠡᠪᠡ᠃  ᠷᠠᠰᠢᠶᠠᠨ  ᠭᠠᠴᠠᠭ᠎ᠠ ᠶᠢᠨ  ᠪᠦᠲᠦᠨ ᠨᠡᠷ᠎ᠡ ᠨᠢ ᠷᠠᠰᠢᠶᠠᠨ ᠳᠠᠷᠠᠰᠤ ᠭᠡᠳᠡᠭ᠃ ᠡᠨᠡᠬᠦ ᠭᠠᠴᠠᠭ᠎ᠠ ᠶᠢᠨ ᠣᠢᠷᠠᠯᠴᠠᠭ᠎ᠠ ᠨᠢᠭᠡ  ︽ᠡᠷᠳᠡᠨᠢ  ᠳᠤᠰᠢ ᠶᠢᠨ  ᠷᠠᠰᠢᠶᠠᠨ︾  ᠭᠡᠵᠦ ᠪᠠᠢᠳᠠᠭ᠃ ᠲᠡᠭᠦᠨ ᠤ ᠡᠮᠴᠢᠯᠡᠭᠡᠨ ᠤ ᠦᠢᠯᠡᠳᠦᠯ ᠨᠢ ᠬᠣᠳᠤᠭᠤᠳᠤ ᠭᠡᠳᠡᠰᠦᠨ ᠳᠤ ᠰᠠᠢᠨ ᠪᠠᠢᠵᠤ᠂ ᠠᠯᠢ ᠡᠷᠲᠡ ᠴᠠᠬᠠᠷ ᠭᠡᠪᠰᠢ ᠯᠤᠪᠰᠠᠩᠴᠦᠢᠯᠳᠦᠮ  ᠡᠮᠨᠡᠯᠭᠡ ᠳᠤ  ᠠᠰᠢᠡᠡᠯᠠᠵᠤ  ᠪᠠᠢᠭᠰᠠᠨ  ᠲᠡᠦᠬᠡ ᠲᠠᠢ᠃  ᠡᠨᠡᠬᠦ  ᠶᠡᠬᠡᠨᠠᠭᠤᠷ  ᠰᠤᠮᠤᠨ ᠡᠴᠡ  ᠮᠠᠰᠢ  ᠤᠯᠠᠨ ᠲᠤᠭᠤᠵᠢᠰ ᠤᠨ ᠵᠣᠬᠢᠶᠠᠯᠴᠢ ᠭᠠᠷᠤᠭᠰᠠᠨ ᠶᠤᠮ᠃ ᠡᠭᠦᠨ ᠢ ᠮᠣᠩᠭᠤᠯ ᠤᠷᠠᠨ ᠵᠣᠬᠢᠶᠠᠯ ᠤᠨ  ᠣᠨᠤᠯ ᠤᠨ  ᠡᠲᠡᠭᠡᠳ ᠤᠨ  ᠬᠢᠨᠢ ︽ᠶᠡᠭᠡᠨᠠᠭᠤᠷ ᠦᠵᠡᠭᠳᠡᠯ︾ ᠭᠡᠵᠦ ᠨᠡᠷᠡᠯᠡᠭᠰᠡᠨ ᠪᠠᠢᠳᠠᠭ᠃ ᠶᠡᠭᠡᠨᠠᠭᠤᠷ ᠨᠤᠲᠤᠭ ᠲᠠᠢ ᠵᠣᠬᠢᠶᠠᠯᠴᠢ ᠭᠡᠪᠡᠯ  ︽ᠮᠢᠩᠭ᠎ᠠ  ᠳᠦᠮᠨ ᠶᠢᠨ ᠠᠪᠤᠷᠭᠤ ᠡᠵᠡᠳ︾ ᠭᠡᠬᠦ ᠮᠡᠳᠡᠭᠡᠯᠡᠯ ᠤᠨ ᠤᠷᠠᠨ ᠵᠣᠬᠢᠶᠠᠯ ᠢᠶᠠᠷ ᠨᠡᠷ᠎ᠡ ᠳᠤ ᠭᠠᠷᠤᠭᠰᠠᠨ ᠦ᠊ · ᠰᠡᠷᠭᠦᠯᠡᠩ᠂ ᠨᠠᠶᠠᠭᠠᠳ ᠣᠨ ᠳᠤ ᠬᠡᠦᠬᠡᠳ ᠤᠨ ᠤᠷᠠᠨ ᠵᠣᠬᠢᠶᠠᠯ ᠢᠶᠠᠷ ᠨᠡᠷ᠎ᠡ ᠳᠤ  ᠭᠠᠷᠤᠭᠰᠠᠨ  ᠪ᠊  ·  ᠰᠣᠳᠨᠠᠮᠴᠡᠷᠢᠨ᠂  ︽ᠬᠠᠮᠠᠷ  ᠯᠣᠳᠤᠨ︾  ᠪᠦᠲᠦᠭᠡᠯ ᠲᠠᠢ ᠪᠠᠳᠦᠮᠦᠢᠩᠬᠡ᠂ ᠢᠷᠠᠭᠤ ᠨᠠᠢᠷᠠᠭᠴᠢ ᠳᠣ᠋ · ᠰᠡᠴᠡᠨᠪᠠᠶᠠᠷ᠂ ᠬᠠᠩᠭᠢᠨ ᠨᠠᠰᠦᠨᠡᠦᠢᠯᠵᠡᠢ ᠨᠠᠷ ᠪᠠᠢᠬᠤ ᠶᠢᠨ ᠬᠠᠮᠲᠤ ᠵᠠᠯᠠᠭᠤ ᠦᠶ᠎ᠡ ᠶᠢᠨ ᠬᠢᠨᠢ ᠡᠴᠡ ᠲ᠊ · ᠡᠷᠳᠡᠨᠢᠴᠢᠮᠡᠭ᠂  ᠶᠡᠷᠡᠨᠬᠦᠦ  ᠨᠠᠷ  ᠪᠠᠢᠯᠴᠠᠨ᠎ᠠ᠃  ᠵᠥᠪᠬᠡᠨ  ᠷᠠᠰᠢᠶᠠᠨ  ᠭᠠᠴᠠᠭᠠᠨ ᠡᠴᠡ  ᠦᠷ᠎ᠡ ᠶᠢᠨ  ᠵᠢᠯ ᠵᠢᠷᠭᠤᠭᠠᠨ ᠷᠤᠮᠠᠨ ᠪᠢᠴᠢᠭᠳᠡᠯ᠎ᠠ ᠭᠡᠰᠡᠨ ᠢ ᠰᠣᠨᠤᠰᠤᠭᠠᠳ ᠥᠪᠡᠷ ᠤᠨ ᠡᠷᠬᠡ ᠦᠭᠡᠢ ᠰᠤᠴᠢᠰᠬᠢᠵᠦ ᠠᠪᠤᠯ᠎ᠠ᠃ ᠳᠦᠷᠦᠬᠦᠬᠡᠨ ᠪᠢ ᠠᠷᠤ ᠬᠣᠷᠴᠢᠨ ᠳᠤ ᠪᠠᠢᠬᠤ ᠳᠤ ᠬᠠᠩᠭᠢᠨ ᠨᠠᠰᠦᠨᠡᠦᠢᠯᠵᠡᠢ ᠶᠢᠨ ︽ᠰᠠᠯᠬᠢᠨ ᠤ ᠢᠷ︾ ᠵᠡᠷᠭᠡ ᠬᠣᠶᠠᠷ  ᠷᠤᠮᠠᠨ ᠢᠶᠠᠨ  ᠡᠬᠦᠷᠦᠭᠡᠳ ᠪᠣᠷᠤᠯᠠᠭᠤᠯᠵᠤ ᠶᠠᠪᠤᠵᠤ ᠪᠠᠢᠭᠰᠠᠨ ᠨᠢ ᠳᠦᠳᠡᠭᠡᠡ ᠬᠠᠷᠠᠭᠠᠨ ᠳᠤ ᠮᠢᠨᠢ ᠳᠤᠳᠤᠷᠠᠯ᠎ᠠ᠃ ᠶᠡᠬᠡ ᠡᠷᠳᠡᠮᠲᠡᠨ ᠴᠠᠬᠠᠷ ᠭᠡᠪᠰᠢ ᠴᠦ ᠡᠨᠡ ᠨᠤᠲᠤᠭ ᠤᠨ ᠰᠠᠢᠬᠠᠨ ᠨᠠᠭᠤᠷ ᠤᠨ ᠬᠥᠪᠡᠭᠡᠨ ᠳᠤ ᠮᠡᠨᠳᠦᠯᠡᠵᠦ ᠪᠣᠷᠤ ᠲᠣᠯᠤᠭᠠᠢ ᠶᠢᠨ ᠰᠦᠮ᠎ᠡ ᠳᠤ ᠰᠠᠭᠤᠵᠤ ᠪᠠᠢᠭᠰᠠᠨ ᠭᠡᠨ᠎ᠡ᠃ ᠡᠨᠡ ᠭᠠᠵᠠᠷ ᠶᠣᠰᠤᠲᠠᠢ ᠮᠡᠷᠭᠡᠳ ᠭᠠᠷᠬᠤ ᠶᠢᠨ ᠲᠠᠭᠰᠢᠨ ᠣᠷᠤᠨ ᠶᠤᠮ ᠪᠠᠢᠨ᠎ᠠ ᠭᠡᠵᠦ ᠪᠤᠴᠠᠯᠭᠠᠨ ᠳᠠᠭᠠᠨ ᠪᠣᠳᠤᠯ᠎ᠠ᠃         ᠳᠠᠷᠠᠭ᠎ᠠ ᠨᠢ ᠪᠢᠳᠡ ᠮᠢᠩᠭᠠᠲᠤ ᠪᠠᠯᠭᠠᠰᠤᠨ ᠤ ᠲᠠᠯ᠎ᠠ ᠶᠢᠨ ᠠᠢᠯ ᠭᠠᠴᠠᠭᠠᠨ ᠳᠤ ᠰᠦᠨᠳᠡᠷᠯᠡᠵᠦ  ᠪᠠᠢᠭ᠎ᠠ  ︽ᠢᠳᠰᠢᠨ ᠤ ᠳᠤᠷᠠᠰᠠᠬᠠᠯ ᠤᠨ ᠬᠥᠰᠢᠶ᠎ᠡ︾ ᠳᠤ ᠬᠦᠷᠴᠦ ᠪᠠᠷᠠᠭᠠᠳᠠᠯ᠎ᠠ᠃ ᠢᠳᠰᠢᠨ ᠪᠣᠯ ᠡᠨᠡᠬᠦ ᠲᠠᠯ᠎ᠠ ᠶᠢᠨ ᠠᠢᠯ  ᠭᠠᠴᠠᠭᠠᠨ ᠳᠤ  ᠳᠦᠷᠦᠭᠰᠡᠨ ᠬᠥᠮᠦᠨ ᠶᠤᠮ᠃ ᠤᠤᠯ ᠨᠢ ᠰᠢᠯᠤᠭᠤᠨ ᠴᠠᠭᠠᠨ ᠬᠣᠰᠢᠭᠤᠨ ᠤ ᠳᠣᠯᠤᠳᠤᠭᠠᠷ ᠰᠤᠮᠤᠨ ᠳᠤ ᠪᠠᠭᠲᠠᠵᠤ  ᠪᠠᠢᠵᠠᠢ᠂  ᠢᠳᠰᠢᠨ ᠤ ᠪᠦᠬᠦᠯᠢ ᠨᠡᠷ᠎ᠡ ᠨᠢ ᠢᠳᠰᠢᠨᠸᠠᠩᠵᠢᠯ ᠭᠡᠳᠡᠭ᠃ 1927 ᠣᠨ ᠤ 4 ᠰᠠᠷ᠎ᠠ ᠶᠢᠨ 12 ᠳᠤ ᠮᠡᠨᠳᠦᠯᠡᠵᠡᠢ᠃ ᠡᠷᠲᠡ  ᠦᠶ᠎ᠡ ᠳᠤ ᠬᠤᠪᠢᠰᠭᠠᠯ ᠳᠤ ᠣᠷᠤᠯᠴᠠᠨ ᠴᠠᠬᠠᠷ ᠠᠢᠮᠠᠭ ᠤᠨ ᠪᠢᠴᠢᠭᠡᠴᠢ ᠪᠠᠷ ᠠᠵᠢᠯᠯᠠᠵᠤ  ᠪᠠᠢᠭᠰᠠᠨ ᠢᠶᠠᠨ  ᠰᠡᠭᠦᠯᠡᠷ ᠨᠢ  ᠰᠢᠯᠢ ᠶᠢᠨ  ᠭᠣᠣᠯ ᠠᠢᠮᠠᠭ ᠤᠨ ᠤᠬᠠᠭᠤᠯᠬᠤ ᠬᠡᠯᠲᠡᠰ ᠤᠨ ᠳᠠᠷᠤᠭ᠎ᠠ ᠪᠣᠯᠵᠠᠢ᠃ 1955 ᠣᠨ ᠳᠤ ︽ᠥᠨᠢᠷ ᠴᠡᠴᠡᠭ︾ ᠰᠡᠳᠭᠦᠯ ᠤᠨ ᠠᠩᠬᠠᠨ ᠤ ᠳ᠋ᠤᠭᠠᠷ  ︽ᠥᠪᠦᠷ  ᠮᠣᠩᠭᠤᠯ ᠤᠨ  ᠤᠷᠠᠨ  ᠵᠣᠬᠢᠶᠠᠯ︾  ᠨᠡᠷ᠎ᠡ ᠪᠠᠷ  ᠬᠡᠪᠯᠡᠭᠳᠡᠬᠦ ᠳᠤ   ᠢᠳᠰᠢᠨ   ᠠᠩᠬᠠᠨ ᠤ   ᠶᠡᠷᠦᠩᠬᠡᠢ ᠨᠠᠢᠷᠠᠭᠤᠯᠤᠭᠴᠢ ᠶᠢᠨ  ᠬᠤᠪᠢ ᠪᠠᠷ  ᠠᠵᠢᠯᠯᠠᠪᠠ᠃  ᠬᠣᠵᠢᠮ ᠨᠢ  ᠥᠪᠦᠷ  ᠮᠣᠩᠭᠤᠯ ᠤᠨ  ᠤᠳᠭ᠎ᠠ   ᠤᠷᠠᠯᠢᠭ ᠤᠨ ᠬᠢᠨ ᠤ ᠬᠣᠯᠪᠤᠭ᠎ᠠ ᠶᠢᠨ ᠳᠡᠳ᠋ ᠲᠡᠷᠢᠭᠦᠯᠡᠭᠴᠢ ᠶᠢᠨ ᠠᠯᠪᠠᠨ ᠳᠤ  ᠪᠠᠢᠭᠰᠠᠨ ᠢᠶᠠᠨ  ᠠᠵᠢᠯ ᠡᠴᠡ ᠪᠠᠨ  ᠲᠠᠷᠬᠠᠯᠠᠭᠳᠠᠵᠤ  1992  ᠣᠨ ᠬᠥᠬᠡᠬᠣᠲᠠ ᠳᠤ ᠨᠠᠰᠤ ᠪᠠᠷᠠᠭᠰᠠᠨ ᠪᠠᠢᠨ᠎ᠠ᠃ ᠲᠡᠭᠦᠨ ᠤ ᠦᠰᠦᠨ ᠪᠢᠷ ᠤᠨ ᠤᠷᠠᠨ ᠪᠢᠴᠢᠯᠭᠡ ᠪᠣᠯ  ᠳᠤᠩ  ᠨᠡᠷᠡᠲᠡᠢ  ᠶᠤᠮ᠃ ᠠᠬᠠᠮᠠᠳ ᠰᠣᠶᠤᠯ ᠤᠨ ᠵᠢᠳᠭᠦᠯᠲᠡᠨ ᠢᠳᠰᠢᠨ ᠤ ᠮᠣᠩᠭᠤᠯ ᠰᠣᠶᠤᠯ ᠳᠤ ᠦᠵᠡᠭᠦᠯᠦᠭᠰᠡᠨ ᠭᠠᠪᠢᠶ᠎ᠠ ᠪᠠ ︽ᠥᠨᠢᠷ  ᠴᠡᠴᠡᠭ︾ ᠢ ᠡᠭᠦᠰᠭᠡᠨ ᠡᠷᠬᠢᠯᠡᠭᠰᠡᠨ ᠲᠡᠦᠬᠡᠳᠦ ᠵᠢᠳᠭᠦᠯ ᠢ ᠥᠨᠢᠳᠡ ᠠᠯᠳᠠᠷᠰᠢᠭᠤᠯᠬᠤ ᠶᠢᠨ ᠲᠥᠯᠦᠭᠡ  ᠡᠨᠡᠬᠦ  ᠳᠤᠷᠠᠰᠠᠬᠠᠯ ᠤᠨ  ᠬᠥᠰᠢᠶ᠎ᠡ ᠶᠢ ᠪᠣᠰᠭᠠᠵᠤ ᠥᠭᠭᠦᠭᠰᠡᠨ ᠪᠠᠢᠨ᠎ᠠ᠃         ᠢᠳᠰᠢᠨ ᠤ  ᠳᠤᠷᠠᠰᠭᠠᠯ ᠤᠨ  ᠬᠥᠰᠢᠶ᠎ᠡ ᠡᠴᠡ  ᠠᠶᠠᠷᠯᠠᠨ  ᠳᠠᠷᠠᠭᠠᠴᠢ ᠶᠢᠨ  ᠥᠷᠲᠡᠭᠡᠨ ᠳᠤ  ᠤᠤᠯ ᠤᠨ  ᠪᠦᠷᠢᠳᠦ ᠰᠤᠮᠤ ᠶᠢᠨ ᠲᠥᠪ ᠪᠠᠢᠭᠰᠠᠨ ᠭᠠᠵᠠᠷ ᠲᠤ ᠲᠠᠬᠢᠭᠳᠠᠵᠤ ᠪᠠᠢᠭ᠎ᠠ ᠴᠠᠭᠠᠨ  ᠰᠦᠯᠳᠡ ᠳᠤ  ᠮᠥᠷᠭᠦᠬᠦ ᠪᠠᠷ  ᠴᠢᠭᠤᠯᠭᠠᠨ ᠤ  ᠤᠯᠠᠨ ᠰᠦᠰᠦᠭᠯᠡᠨ ᠬᠦᠷᠦᠯ᠎ᠡ᠃ ᠡᠨᠡᠬᠦ ᠴᠠᠭᠠᠨ ᠰᠦᠯᠳᠡ ᠶᠢ 2008 ᠣᠨ ᠳᠤ ᠣᠷᠳᠤᠰ ᠡᠴᠡ ᠵᠠᠯᠠᠵᠤ ᠴᠠᠬᠠᠷ ᠲᠤ ᠲᠠᠬᠢᠡᠡᠰᠡᠨ  ᠶᠤᠮ ᠭᠡᠨ᠎ᠡ᠃ ᠲᠤᠰᠭᠠᠢ ᠴᠠᠭᠠᠨ ᠰᠦᠯᠳᠡ ᠶᠢᠨ ᠨᠡᠢᠭᠡᠮᠯᠢᠭ ᠲᠠᠢ ᠪᠠᠢᠵᠤ ᠲᠡᠷᠡᠬᠦ  ᠨᠡᠢᠭᠡᠮᠯᠢᠭ ᠡᠴᠡ  ᠬᠠᠪᠤᠷ ᠤᠨ  ᠴᠠᠭᠠᠨ  ᠰᠠᠷ᠎ᠠ ᠶᠢᠨ ᠪᠠᠭ᠎ᠠ ᠲᠠᠬᠢᠯᠭ᠎ᠠ ᠪᠠ ᠵᠤᠨ ᠤ ᠵᠢᠷᠭᠤᠭᠠᠨ ᠰᠠᠷ᠎ᠠ ᠶᠢᠨ ᠶᠡᠬᠡ  ᠲᠠᠬᠢᠯᠭ᠎ᠠ ᠶᠢ  ᠡᠷᠬᠢᠯᠡᠨ  ᠭᠦᠢᠴᠡᠳᠭᠡᠵᠦ  ᠪᠠᠢᠭ᠎ᠠ  ᠶᠤᠮ  ᠭᠡᠨ᠎ᠡ᠃ ᠮᠠᠨᠤᠰ ᠢ ᠬᠦᠷᠬᠦ ᠳᠤ ᠴᠠᠭᠠᠨ ᠰᠦᠯᠳᠡ ᠶᠢ  ᠬᠠᠷᠠᠵᠤ  ᠳᠠᠬᠢᠵᠤ  ᠪᠠᠢᠭ᠎ᠠ  ᠲᠡᠯᠭᠡᠷᠵᠡᠶᠠᠭ᠎ᠠ  ᠬᠡᠮᠡᠬᠦ  ᠨᠠᠰᠦᠳᠡᠨ  ᠰᠠᠩ  ᠤᠳᠤᠯᠭ᠎ᠠ ᠤᠩᠭᠤᠰᠭᠠᠨ  ᠤᠭᠲᠤᠪᠠ᠃  ᠲᠡᠭᠡᠭᠡᠳ  ᠰᠦᠯᠳᠡ ᠶᠢᠨ  ᠡᠮᠦᠨᠡᠬᠢ  ᠲᠠᠬᠢᠯᠭ᠎ᠠ ᠶᠢᠨ  ᠲᠠᠪᠴᠠᠩ ᠤᠨ  ᠡᠮᠦᠨ᠎ᠡ  ᠰᠠᠭᠤᠯᠭᠠᠭᠠᠳ ︽ᠰᠦᠯᠳᠡ ᠶᠢᠨ ᠰᠠᠩ︾᠂ ︽ᠡᠵᠡᠨ ᠰᠠᠩ︾᠂ ︽ᠬᠡᠢᠮᠣᠷᠢ ᠶᠢᠨ ᠰᠠᠩ︾ ᠢ ᠴᠤᠯ ᠮᠣᠩᠭᠤᠯ ᠢᠶᠠᠷ ᠤᠩᠰᠢᠨ ᠳᠠᠭᠠᠳᠭᠠᠯ ᠵᠠᠯᠪᠡᠷᠢᠯ ᠦᠢᠯᠡᠳᠪᠡ᠃         ᠶᠢᠰᠦᠨ ᠬᠥᠯᠲᠦ ᠴᠠᠭᠠᠨ ᠰᠦᠯᠳᠡ ᠭᠡᠳᠡᠭ ᠪᠣᠯ ᠮᠣᠩᠭᠤᠯ ᠳᠦᠷᠦ ᠶᠢᠨ ᠪᠡᠯᠭᠡᠳᠡᠯ ᠪᠣᠯᠬᠤ ᠶᠤᠮ᠃ ᠰᠢᠷᠭ᠎ᠠ ᠠᠵᠢᠷᠭᠠᠨ ᠳᠡᠯ ᠢᠶᠠᠷ ᠭᠥᠬᠦᠯ ᠢ ᠨᠢ ᠬᠢᠳᠡᠭ᠃ ᠶᠢᠰᠦᠨ ᠬᠥᠯᠲᠦ ᠴᠠᠭᠠᠨ  ᠰᠦᠯᠳᠡ ᠶᠢ  ᠣᠷᠳᠤᠰ ᠤᠨ  ᠦᠦᠰᠢᠨ  ᠬᠣᠰᠢᠭᠤᠨ ᠤ  ᠨᠠᠷᠢᠨ ᠭᠣᠣᠯ ᠬᠡᠮᠡᠬᠦ ᠰᠤᠮᠤ ᠶᠢᠨ ᠮᠠᠭᠤ ᠪᠤᠯᠠᠭ ᠭᠠᠴᠠᠭ᠎ᠠ ᠶᠢᠨ ᠳᠤᠭᠤᠭᠠᠳᠤ ᠶᠢᠨ ᠴᠠᠢᠳᠠᠮ ᠬᠡᠮᠡᠬᠦ  ᠭᠠᠵᠠᠷ  ᠳᠠᠬᠢᠵᠤ  ᠪᠠᠢᠵᠠᠢ᠃  ᠶᠡᠬᠡ ᠮᠣᠩᠭᠤᠯ ᠤᠯᠤᠰ ᠤᠨ ᠦᠶ᠎ᠡ ᠳᠤ ᠡᠷᠬᠡᠰᠢᠬᠦᠯᠦᠨ ᠲᠠᠬᠢᠭᠰᠠᠨ ᠡᠴᠡ ᠨᠠᠰᠢ ᠶᠠᠩᠭᠠᠳ᠂  ᠬᠦᠢᠳ᠂  ᠳᠤᠭᠴᠢᠨ᠂  ᠳᠦᠯᠦᠩᠬᠦᠰ᠂ ᠬᠣᠷᠴᠢᠨ᠂ ᠬᠠᠷᠯᠢᠭᠤᠳ᠂ ᠣᠩᠨᠢᠭᠤᠳ᠂  ᠤᠨᠤᠭᠠᠴᠢᠨ᠂  ᠰᠢᠷ᠎ᠠ  ᠠᠵᠢᠷᠭᠠᠳᠠᠨ᠂  ᠲᠠᠪᠤᠭᠤᠳ᠂  ᠰᠢᠩᠬᠤᠷᠴᠢᠨ᠂  ᠭᠠᠯᠴᠢᠨ᠂ ᠴᠢᠩᠨᠠᠭᠠᠴᠢ᠂ ᠰᠢᠷᠬᠡᠭᠴᠢᠨ ᠵᠡᠷᠭᠡ ᠣᠪᠤᠭ ᠠᠢᠮᠠᠭ ᠭᠣᠣᠯᠳᠠᠵᠤ ᠲᠠᠬᠢᠬᠤ᠂ ᠬᠠᠷᠠᠵᠤ  ᠬᠠᠮᠠᠭᠠᠯᠠᠬᠤ᠂  ᠵᠠᠯᠠᠵᠤ  ᠳᠡᠪᠰᠢᠭᠦᠯᠬᠦ  ᠵᠡᠷᠭᠡ ᠠᠵᠢᠯ ᠢ ᠭᠦᠢᠴᠡᠳᠭᠡᠵᠦ ᠪᠠᠢᠪᠠ᠃ ᠮᠣᠩᠭᠤᠯ ᠬᠠᠭᠠᠨᠲᠤ  ᠳᠦᠷᠦ ᠶᠢᠨ  ᠤᠯᠠᠨ  ᠬᠠᠭᠠᠳ ᠢᠶᠠᠷ  ᠳᠠᠮᠵᠢᠨ  ᠴᠠᠬᠠᠷ ᠤᠨ  ᠯᠢᠭᠳᠡᠨ ᠬᠠᠭᠠᠨ ᠳᠤ ᠤᠯᠠᠮᠵᠢᠯᠠᠭᠳᠠᠨ ᠬᠦᠷᠦᠭᠡᠳ 1634 ᠣᠨ ᠳᠤ ᠯᠢᠭᠳᠡᠨ ᠬᠤᠲᠤᠭᠲᠤ ᠬᠠᠭᠠᠨ ᠬᠥᠬᠡᠨᠠᠭᠤᠷ ᠲᠤ ᠨᠠᠰᠤ  ᠪᠠᠷᠠᠬᠤ ᠶᠢ ᠳᠠᠭᠠᠯᠳᠤᠨ ᠴᠠᠭᠠᠨ ᠰᠦᠯᠳᠡ ᠨᠢ ᠣᠷᠳᠤᠰ ᠲᠤ ᠬᠣᠴᠤᠷᠴᠠᠢ᠃ ᠴᠠᠭᠠᠨ ᠰᠦᠯᠳᠡ ᠶᠢ ᠬᠠᠮᠠᠭᠠᠯᠠᠵᠤ ᠪᠠᠢᠭᠰᠠᠨ ᠬᠥᠮᠦᠰ ᠠᠷᠢᠭᠤᠨ ᠰᠦᠯᠳᠡ ᠪᠠᠨ ᠮᠠᠨᠵᠤ ᠶᠢᠨ ᠭᠠᠷ ᠲᠤ ᠣᠷᠤᠭᠤᠯᠬᠤ ᠦᠭᠡᠢ ᠬᠡᠮᠡᠨ ᠣᠷᠳᠤᠰ ᠲᠤ  ᠪᠠᠢᠭ᠎ᠠ  ᠨᠠᠢ᠍ᠮᠠᠨ  ᠴᠠᠭᠠᠨ  ᠭᠡᠷ ᠲᠠᠢ  ᠬᠠᠮᠲᠤ ᠠᠪᠴᠤ ᠦᠯᠡᠳᠡᠨ ᠬᠣᠴᠤᠷᠤᠭᠰᠠᠨ ᠪᠠᠢᠨ᠎ᠠ᠃ ᠭᠤᠷᠪᠠᠨ ᠵᠠᠭᠤ ᠢᠯᠡᠭᠦᠦ ᠵᠢᠯ ᠥᠩᠭᠡᠷᠡᠭᠰᠡᠨ ᠤ  ᠬᠣᠢᠨ᠎ᠠ  ᠣᠶᠤᠨ  ᠪᠢᠯᠢᠭᠲᠦ ᠴᠠᠬᠠᠷ ᠤᠨ ᠬᠥᠮᠦᠰ ᠡᠨᠡᠬᠦ ᠰᠦᠯᠳᠡ ᠪᠠᠨ ᠨᠤᠲᠤᠭ ᠲᠠᠭᠠᠨ ᠵᠠᠯᠠᠵᠤ ᠲᠠᠬᠢᠭᠰᠠᠨ ᠨᠢ ᠡᠨᠡ ᠪᠠᠢᠵᠠᠢ᠃         ᠦᠳᠡ ᠶᠢᠨ ᠨᠠᠷᠠ ᠬᠡᠯᠪᠡᠢᠬᠦ ᠶᠢᠨ ᠪᠠᠷᠤᠭ ᠢᠶᠠᠷ ᠭᠠᠯ ᠠᠶᠠᠨ ᠤ ᠬᠢᠨ ᠤᠷᠳᠤ ᠶᠢᠨ  ᠭᠣᠣᠯ ᠳᠤ  ᠬᠦᠷᠴᠦ  ᠢᠷᠡᠯ᠎ᠡ᠃ ᠤᠷᠳᠤ ᠶᠢᠨ ᠭᠣᠣᠯ ᠤᠤᠯ ᠨᠢ ᠮᠠᠩᠬᠠᠨ ᠳᠤᠮᠳᠠ ᠰᠤᠨᠤᠯᠵᠠᠭᠰᠠᠨ ᠤᠷᠳᠤ ᠭᠣᠣᠯ ᠪᠠᠢᠭᠰᠠᠨ ᠭᠡᠨ᠎ᠡ᠃ ᠪᠠᠢᠭᠠᠯᠢ  ᠠᠬᠤᠢ ᠶᠢᠨ ᠬᠤᠪᠢᠰᠤᠯᠲᠠ ᠡᠴᠡ ᠪᠣᠯᠵᠤ ᠣᠳᠤ ᠲᠠᠰᠤᠯᠤᠭᠳᠠᠭᠰᠠᠨ  ᠨᠠᠭᠤᠷ  ᠪᠣᠯᠵᠠᠢ᠃  ᠮᠠᠨ ᠤ  ᠦᠳᠡᠯᠡᠬᠦ  ᠭᠠᠵᠠᠷ  ᠪᠣᠯ  ᠤᠷᠳᠤ ᠶᠢᠨ ᠭᠣᠣᠯ ᠤᠨ ᠨᠢᠭᠡ ᠲᠠᠰᠤᠷᠬᠠᠢ ︽ᠬᠤᠯᠤᠰᠤᠳᠠᠢ ᠨᠠᠭᠤᠷ︾ ᠭᠡᠳᠡᠭ ᠭᠠᠵᠠᠷ ᠪᠣᠯᠤᠨ᠎ᠠ᠃ ᠥᠨᠳᠦᠷ ᠳᠡᠭᠡᠷ᠎ᠡ ᠡᠴᠡ ᠬᠠᠷᠠᠬᠤ ᠳᠤ ᠶᠠᠭ ᠬᠠᠪᠢᠷᠭᠠᠨ ᠰᠠᠷᠠ ᠰᠢᠭ  ᠬᠠᠷᠠᠭᠳᠠᠳᠠᠭ᠃  ᠣᠳᠤ  ᠤᠯᠠᠭᠠᠨᠴᠠᠪ  ᠰᠤᠮᠤ ᠶᠢᠨ  ᠰᠠᠢᠨᠪᠤᠯᠠᠭ  ᠭᠠᠴᠠᠭᠠᠨ ᠳᠤ  ᠪᠠᠭᠲᠠᠵᠤ  ᠪᠤᠢ᠃ ᠬᠤᠯᠤᠰᠤᠳᠠᠢ ᠨᠠᠭᠤᠷ ᠤᠨ ᠬᠥᠪᠡᠭᠡᠨ ᠳᠠᠬᠢ ᠠᠷᠪᠠᠨ ᠬᠠᠨᠠᠲᠤ ᠮᠣᠩᠭᠤᠯ ᠭᠡᠷ ᠲᠤ ᠴᠠᠢᠯᠠᠵᠤ ᠰᠠᠭᠤᠯ᠎ᠠ᠃ ᠰᠢᠭᠤᠯᠳᠠᠳᠠᠢ ᠬᠠᠨ᠎ᠠ ᠪᠠᠷ ᠴᠢᠭᠢᠭ᠍ᠯᠢᠭ᠌ ᠰᠡᠷᠢᠭᠦᠨ ᠰᠠᠯᠬᠢ ᠦᠯᠢᠶᠡᠬᠡᠳ ᠲᠠᠭᠠᠲᠠᠢ ᠪᠠᠢᠪᠠ᠃ ᠬᠥᠲᠦᠯᠦᠭᠴᠢ ᠡᠴᠡ ︽ᠣᠳᠤ ︿ ᠲᠠᠯ᠎ᠠ ᠶᠢᠨ ᠲᠤᠶᠠᠭ᠎ᠠ ﹀  ᠬᠡᠮᠡᠬᠦ ᠢᠵᠢᠯ ᠭᠠᠷᠴᠠᠭᠳᠤ ᠪᠡᠯᠡᠨ ᠰᠢᠯᠦᠭ ᠤᠨ ᠤᠷᠤᠯᠳᠤᠭᠠᠨ ᠶᠠᠪᠤᠭᠳᠠᠨ᠎ᠠ︾  ᠭᠡᠵᠦ  ᠵᠠᠷᠯᠠᠯ᠎ᠠ᠃  ᠠᠵᠢᠯᠯᠡᠡᠡᠴᠢ ᠡᠴᠡ  ᠪᠢᠷ  ᠴᠠᠭᠠᠰᠤ ᠳᠦᠬᠡᠬᠡᠨ ᠥᠭᠴᠦ ︽ᠲᠠᠯ᠎ᠠ ᠶᠢᠨ ᠲᠤᠶᠠᠭ᠎ᠠ︾ ᠭᠡᠬᠦ ᠭᠠᠷᠴᠠᠭ ᠢᠶᠠᠷ ᠨᠠᠢ᠍ᠮᠠᠨ ᠮᠢᠨᠦᠲ ᠤᠨ ᠳᠣᠲᠤᠷ᠎ᠠ ᠰᠢᠯᠦᠭ ᠪᠢᠴᠢᠵᠦ᠂ ᠨᠡᠷ᠎ᠡ ᠪᠠᠨ ᠲᠠᠯᠪᠢᠬᠤ ᠦᠭᠡᠢ ᠪᠠᠷ  ᠳᠤᠭᠳᠠᠪᠠ᠃  ᠣᠷᠤᠯᠴᠠᠭᠰᠠᠨ  19  ᠢᠷᠠᠭᠤ  ᠨᠠᠢᠷᠠᠭᠴᠢ  ᠥᠪᠡᠷ  ᠥᠪᠡᠷ ᠤᠨ  ᠣᠩᠭᠤᠳ ᠢᠶᠠᠨ ᠬᠤᠷᠤᠢᠯᠠᠨ ᠪᠢᠴᠢᠵᠦ ᠡᠬᠢᠯᠡᠪᠡ᠃ ᠴᠠᠭ ᠳᠤᠯᠤᠭᠰᠠᠨ ᠤ ᠳᠠᠷᠠᠭ᠎ᠠ ᠬᠤᠷᠢᠶᠠᠵᠤ ᠠᠪᠤᠭᠠᠳ ᠬᠢᠨᠠᠭᠴᠢ ᠰᠢᠭᠦᠭᠴᠢ ᠶᠢᠨ ᠰᠢᠭᠦᠯᠲᠡ ᠪᠠᠷ ᠳᠠᠮᠵᠢᠨ ᠵᠢᠷᠭᠤᠭᠠᠨ ᠤᠷᠠᠨ ᠪᠦᠲᠦᠭᠡᠯ ᠢ ᠳᠤᠳᠤᠷᠠᠭᠤᠯᠪᠡ᠃ ᠭᠤᠷᠪᠠᠳᠤᠭᠠᠷ ᠡᠴᠡ ᠡᠬᠢᠯᠡᠨ  ᠰᠢᠯᠦᠭ ᠤᠨ  ᠡᠬᠢᠨ ᠤ  ᠮᠥᠷ ᠢ ᠨᠢ ᠤᠩᠰᠢᠪᠠᠯ ᠡᠵᠡᠨ ᠨᠢ ᠭᠠᠷᠴᠤ ᠰᠢᠯᠦᠭ ᠢᠶᠠᠨ ᠤᠶᠠᠩᠭᠠᠯᠠᠪᠠ᠃ ᠭᠤᠷᠪᠠᠳᠤᠭᠠᠷ ᠲᠡᠰ ᠲᠤ ᠷᠢ᠊ ·  ᠰᠡᠴᠡᠨᠴᠤᠭᠳᠤ᠂  ᠮᠦᠨᠴᠢᠯᠠᠭᠤ᠂ ᠡᠷᠳᠡᠨᠢᠳᠤᠭᠳᠠᠬᠤ ᠭᠤᠷᠪᠠ ᠲᠣᠳᠤᠷᠠᠵᠤ᠂ ᠬᠣᠶᠠᠳᠤᠭᠠᠷ ᠲᠡᠰ ᠲᠤ ᠳᠣ᠋ · ᠰᠡᠴᠡᠨᠪᠠᠶᠠᠷ᠂ ᠦ᠊  ·  ᠠᠯᠳᠠᠨᠪᠤᠯᠠᠭ  ᠰᠣᠩᠭᠤᠭᠳᠠᠨ᠂ ᠲᠡᠷᠢᠭᠦᠨ ᠪᠠᠢᠷᠢ ᠳᠤ  ᠳ᠋᠊  ·  ᠪᠦᠬᠡᠪᠠᠭᠠᠳᠤᠷ  ᠳᠤᠳᠤᠷᠠᠯ᠎ᠠ᠃  ᠪᠠᠢᠭᠠᠯᠢ ᠶᠢᠨ  ᠰᠠᠢᠬᠠᠨ ᠳᠤ  ᠰᠣᠭᠲᠤᠭᠤᠷᠠᠵᠤ  ᠶᠠᠪᠤᠭᠰᠠᠨ ᠪᠢᠯᠢᠭ᠌ ᠤᠨ ᠴᠢᠭᠤᠯᠭᠠᠨ ᠤ ᠬᠢᠨᠢ ᠨᠢᠭᠡ ᠦᠶ᠎ᠡ ᠨᠠᠢᠷᠠᠭ ᠢᠶᠠᠷ ᠬᠥᠭᠯᠡᠵᠦ᠂ ᠥᠨᠦᠳᠦᠷ ᠤᠨ ᠭᠠᠯ ᠠᠶᠠᠨ ᠬᠤᠯᠤᠰᠤᠳᠠᠢ ᠨᠠᠭᠤᠷ ᠤᠨ ᠬᠥᠪᠡᠭᠡᠨ ᠳᠤ  ᠦᠳᠡ ᠶᠢᠨ  ᠨᠠᠷᠠ ᠪᠠᠷ  ᠳᠦᠷᠡᠯᠵᠡᠵᠦ  ᠪᠠᠢᠪᠠ᠃  ᠬᠤᠯᠤᠰᠤᠳᠠᠢ  ᠨᠠᠭᠤᠷ ᠤᠨ  ᠬᠥᠪᠡᠭᠡᠨ ᠳᠤ   ᠬᠦᠷ ᠲᠠᠢ᠂ ᠳᠠᠭᠤᠤ ᠲᠠᠢ ᠵᠢᠷᠭᠠᠨ᠂ ᠦᠳᠡᠰᠢ ᠶᠢᠨ ᠲᠣᠯᠤᠩ ᠪᠠᠭᠤᠬᠤ ᠦᠶ᠎ᠡ ᠪᠠᠷ ᠮᠠᠨᠠᠨᠳᠠᠵᠤ ᠬᠠᠷᠠᠭᠳᠠᠬᠤ ᠮᠢᠩᠭᠠᠲᠤ ᠪᠠᠯᠭᠠᠰᠤ ᠪᠠᠨ ᠴᠢᠭᠯᠡᠵᠦ ᠪᠢᠯᠡ︕         ᠬᠠᠷᠢᠵᠤ ᠢᠷᠡᠭᠡᠳ  ᠶ᠊  ·  ᠴᠡᠩᠭᠡᠯ ᠤᠨ  ︽ᠬᠤᠯᠠ  ᠮᠣᠷᠢᠨ  ᠨᠠᠮᠤᠷ︾  ᠪᠠ  ᠡᠷᠳᠡᠨᠢᠳᠤᠭᠳᠠᠬᠤ ᠶᠢᠨ  ︽ᠴᠠᠰᠤᠨ ᠪᠣᠷᠤᠭᠠᠨ︾ ᠨᠣᠮ ᠢ ᠤᠩᠰᠢᠵᠤ ᠰᠠᠭᠤᠬᠤ ᠳᠠᠭᠠᠨ ᠲᠤᠰ ᠲᠡᠮᠳᠡᠭᠯᠡᠯ ᠢ ᠳᠤᠭᠳᠤᠯᠤᠩᠬᠠᠨ ᠪᠢᠴᠢᠭᠰᠡᠨ ᠶᠤᠮ︕                      
  
  ᠰᠤᠪᠤᠳ
 ᠥᠪᠦᠷ ᠮᠣᠩᠭᠤᠯ ᠤᠨ ᠡᠳᠦᠷ ᠤᠨ ᠰᠣᠨᠢᠨ

ᠳᠠᠷᠠᠭᠠᠬᠢ ᠵᠣᠬᠢᠶᠠᠯᠵᠣᠬᠢᠶᠠᠯ ᠦᠭᠡᠢ ᠪᠣᠯᠵᠠᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠦᠪᠦᠷ ᠮᠤᠩᠭ᠋ᠤᠯ  ᠤᠨ ᠳᠡᠯᠡᠬᠡᠢ ᠮᠡᠳᠡᠭᠡ ᠵᠠᠩᠬᠢ ᠮᠡᠷᠭᠡᠵᠢᠯ  ᠤᠨ ᠬᠢᠵᠠᠭᠠᠷᠲᠦ ᠺᠤᠮᠫᠠᠨᠢ  ᠡᠴᠡ ᠮᠡᠷᠭᠡᠵᠢᠯ ᠬᠠᠩᠭ᠋ᠠᠪᠠ
蒙ICP备12003062号