ᠲᠡᠦᠬᠡ ᠰᠣᠶᠤᠯ
ᠦᠪᠦᠷ ᠮᠤᠩᠭᠤᠯ ᠤᠨ ᠬᠠᠰᠠᠷ ᠰᠤᠳᠤᠯᠤᠯ ᠤᠨ ᠨᠡᠢᠬᠡᠮᠯᠢᠭ ᠪᠠᠢᠭᠤᠯᠤᠭᠳᠠᠪᠠ
2016.10.18 ᠲᠣᠰ ᠥᠷᠲᠡᠭᠡᠨ ᠦ ᠨᠠᠢᠷᠠᠭᠤᠯᠤᠭᠴᠢ

 
                 ᠰᠤᠷᠪᠤᠯᠵᠢᠯᠠᠭᠴᠢ ᠨᠠᠪᠴᠢ        

            8 ᠰᠠᠷ᠎ᠠ ᠶ᠋ᠢᠨ 28 ᠤ ᠡᠳᠦᠷ᠂ ᠦᠪᠦᠷ ᠮᠤᠩᠭᠤᠯ ᠤᠨ ᠬᠠᠰᠠᠷ ᠰᠤᠳᠤᠯᠤᠯ ᠤᠨ ᠨᠡᠢᠬᠡᠮᠯᠢᠭ ᠪᠠᠢᠭᠤᠯᠤᠭᠳᠠᠬᠤ ᠬᠤᠷᠠᠯ ᠵᠢᠴᠢ  ᠠᠩᠬᠠᠳᠤᠭᠠᠷ  ᠬᠤᠭᠤᠴᠠᠭᠠᠨ ᠤ  ᠡᠷᠳᠡᠮ  ᠰᠢᠨᠵᠢᠯᠡᠬᠡᠨ ᠤ  ᠰᠤᠳᠤᠯᠤᠨ  ᠶᠠᠷᠢᠯᠴᠠᠬᠤ  ᠬᠤᠷᠠᠯ  ᠳᠠᠷᠬᠠᠨ   ᠮᠤᠤᠮᠢᠩᠭᠠᠨ ᠬᠤᠯᠪᠤᠭᠠᠲᠤ ᠬᠤᠰᠢᠭᠤᠨ ᠤ ᠪᠠᠳᠤᠬᠠᠭᠠᠯᠭ᠎ᠠ ᠪᠠᠯᠭᠠᠰᠤᠨ ᠳ᠋ᠤ ᠶᠠᠪᠤᠭᠳᠠᠪᠠ᠃         ᠦᠪᠡᠷᠳᠡᠬᠡᠨ ᠵᠠᠰᠠᠬᠤ ᠤᠷᠤᠨ ᠤ ᠨᠠᠮ ᠤᠨ ᠬᠤᠷᠢᠶ᠎ᠠ ᠶ᠋ᠢᠨ ᠤᠬᠠᠭᠤᠯᠬᠤ ᠬᠡᠯᠳᠡᠰ᠂ ᠦᠪᠡᠷᠳᠡᠬᠡᠨ ᠵᠠᠰᠠᠬᠤ  ᠤᠷᠤᠨ ᠤ ᠠᠷᠠᠳ ᠤᠨ ᠶᠠᠪᠤᠳᠠᠯ ᠤᠨ ᠲᠢᠩᠬᠢᠮ᠂ ᠦᠪᠡᠷᠳᠡᠬᠡᠨ ᠵᠠᠰᠠᠬᠤ ᠤᠷᠤᠨ ᠤ ᠨᠡᠢᠬᠡᠮ ᠤᠨ ᠰᠢᠨᠵᠢᠯᠡᠬᠦ ᠤᠬᠠᠭᠠᠨ ᠤ ᠬᠢᠨ ᠤ ᠬᠤᠯᠪᠤᠭ᠎ᠠ ᠵᠢᠴᠢ ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤ ᠶ᠋ᠢᠨ ᠨᠠᠮ ᠤᠨ ᠬᠤᠷᠢᠶ᠎ᠠ᠂ ᠵᠠᠰᠠᠭ ᠤᠨ ᠤᠷᠳᠤᠨ ᠤ  ᠬᠠᠯᠠᠭᠤᠨ  ᠳᠡᠮᠵᠢᠯᠬᠡ ᠵᠢᠴᠢ ᠬᠠᠰᠠᠷ ᠰᠤᠳᠤᠯᠭᠠᠨ ᠳ᠋ᠤ ᠳᠤᠷ᠎ᠠ ᠪᠠᠬᠠᠳᠠᠢ ᠬᠦᠮᠦᠰ ᠤᠨ ᠢᠳᠡᠪᠬᠢᠳᠡᠢ ᠤᠷᠤᠯᠴᠠᠯᠭ᠎ᠠ ᠪᠠᠷ  ᠦᠪᠦᠷ  ᠮᠤᠩᠭᠤᠯ ᠤᠨ  ᠬᠠᠰᠠᠷ ᠰᠤᠳᠤᠯᠭᠠᠨ ᠤ ᠨᠡᠢᠬᠡᠮᠯᠢᠭ ᠪᠠᠢᠭᠤᠯᠤᠭᠳᠠᠪᠠ᠃ ᠲᠤᠰ ᠨᠡᠢᠬᠡᠮᠯᠢᠭ ᠨᠢ  ᠦᠪᠦᠷ  ᠮᠤᠩᠭᠤᠯ ᠤᠨ  ᠡᠯ᠎ᠠ  ᠠᠢᠮᠠᠭ  ᠬᠤᠳᠠ ᠶ᠋ᠢᠨ ᠬᠠᠪᠤᠳᠤ ᠬᠠᠰᠠᠷ ᠰᠤᠳᠤᠯᠵᠤ  ᠪᠠᠢᠭ᠎ᠠ  ᠪᠠᠢᠭᠤᠯᠤᠯᠭ᠎ᠠ  ᠨᠢᠬᠡᠴᠡ  ᠪᠠ  ᠬᠤᠪᠢ  ᠬᠦᠮᠦᠨ ᠲᠠᠢ  ᠦᠷᠬᠡᠨ  ᠲᠠᠯᠬᠡᠷ  ᠬᠠᠷᠢᠴᠠᠭ᠎ᠠ ᠪᠠᠢᠭᠤᠯᠤᠨ ᠬᠠᠮᠳᠤᠷᠠᠨ ᠠᠵᠢᠯᠯᠠᠵᠤ᠂ ᠡᠷᠳᠡᠮ ᠰᠢᠨᠵᠢᠯᠡᠬᠡᠨ ᠤ ᠬᠤᠷᠠᠯ  ᠴᠤᠭᠯᠠᠭ᠎ᠠ  ᠬᠢᠵᠦ᠂  ᠬᠠᠰᠠᠷ  ᠰᠤᠳᠤᠯᠤᠯ ᠤᠨ  ᠳᠤᠬᠠᠢ ᠤᠯᠠᠷᠢᠯ ᠤᠨ ᠰᠡᠳᠬᠦᠯ ᠡᠷᠬᠢᠯᠡᠵᠦ ᠨᠤᠮ ᠬᠡᠪᠯᠡᠬᠦᠯᠦᠨ᠂ ᠦᠪᠦᠷ  ᠮᠤᠩᠭᠤᠯ ᠤᠨ  ᠨᠤᠮ ᠤᠨ  ᠰᠠᠩ ᠤᠨ  ᠳᠠᠩᠰᠠ  ᠡᠪᠬᠡᠮᠡᠯ ᠤᠨ ᠭᠠᠵᠠᠷ᠂ ᠳᠠᠷᠬᠠᠨ ᠮᠤᠤᠮᠢᠩᠭᠠᠨ ᠤ ᠳᠠᠩᠰᠠ  ᠡᠪᠬᠡᠮᠡᠯ ᠤᠨ  ᠭᠠᠵᠠᠷ ᠤᠨ  ᠮᠤᠤᠮᠢᠩᠭᠠᠨ ᠤ  ᠳᠤᠬᠠᠢ  ᠮᠠᠲ᠋ᠧᠷᠢᠶᠠᠯ ᠢ  ᠡᠮᠬᠢᠳᠬᠡᠨ᠂ ᠬᠠᠰᠠᠷ ᠤᠨ ᠳᠠᠬᠢᠯᠭ᠎ᠠ ᠶ᠋ᠢᠨ ᠤᠷᠳᠤᠨ ᠢᠶᠡᠨ ᠰᠢᠨᠡᠳᠬᠡᠨ ᠦᠷᠬᠡᠳᠬᠡᠨ ᠪᠠᠢᠭᠤᠯᠵᠤ᠂  ᠬᠠᠰᠠᠷ ᠤᠨ  ᠮᠦᠽᠧᠢ  ᠪᠠᠢᠭᠤᠯᠬᠤ  ᠵᠡᠷᠬᠡ ᠠᠵᠢᠯ ᠢ ᠴᠢᠷᠮᠠᠢᠨ ᠬᠢᠬᠦ ᠶ᠋ᠢᠨ ᠵᠡᠷᠬᠡᠪᠡᠷ ᠬᠠᠪᠤᠳᠤ ᠬᠠᠰᠠᠷ ᠤᠨ ᠰᠤᠳᠤᠯᠭᠠᠨ ᠢ  ᠪᠦᠬᠦ  ᠳᠠᠯ᠎ᠠ ᠪᠠᠷ  ᠬᠦᠨᠵᠡᠬᠡᠢᠷᠡᠬᠦᠯᠬᠦ ᠶ᠋ᠢ  ᠵᠤᠷᠢᠵᠤ ᠪᠤᠢ᠃         ᠳᠤᠰ ᠤᠳᠠᠭ᠎ᠠ ᠶ᠋ᠢᠨ ᠡᠷᠳᠡᠮ ᠰᠢᠨᠵᠢᠯᠡᠬᠡᠨ ᠤ ᠬᠤᠷᠠᠯ ᠳ᠋ᠤ ᠡᠷᠳᠡᠮᠳᠡᠨ ᠨᠠᠷ ᠬᠠᠰᠠᠷ ᠤᠨ ᠳᠠᠬᠢᠯᠭ᠎ᠠ ᠶ᠋ᠢᠨ ᠰᠤᠶᠤᠯ ᠤᠨ ᠠᠮᠢ ᠠᠬᠤᠢ ᠶ᠋ᠢᠨ ᠤᠷᠴᠢᠨ ᠢ ᠬᠠᠮᠠᠭᠠᠯᠠᠬᠤ ᠨᠢ ᠮᠤᠩᠭᠤᠯ ᠤᠯᠠᠮᠵᠢᠯᠠᠯᠳᠤ ᠰᠤᠶᠤᠯ ᠪᠤᠯᠤᠨ  ᠳᠡᠯᠡᠬᠡᠢ  ᠨᠡᠢᠳᠡ ᠶ᠋ᠢᠨ  ᠤᠯᠠᠨ  ᠡᠰᠢᠳᠤ ᠰᠤᠶᠤᠯ ᠤᠨ ᠠᠮᠢ ᠠᠬᠤᠢ ᠶ᠋ᠢ ᠬᠠᠮᠠᠭᠠᠯᠠᠵᠤ ᠬᠦᠭᠵᠢᠬᠦᠯᠬᠦ ᠳ᠋ᠤ ᠠᠯᠤᠰ ᠬᠡᠳᠦ ᠶ᠋ᠢᠨ ᠠᠴᠢ  ᠬᠤᠯᠪᠤᠭᠳᠠᠯ ᠲᠠᠢ  ᠪᠠᠢᠬᠤ  ᠪᠠ  ᠠᠵᠤ ᠠᠬᠤᠢ ᠨᠡᠢᠬᠡᠮ ᠤᠨ ᠬᠦᠭᠵᠢᠯᠳᠡ ᠳ᠋ᠤ ᠠᠬᠤᠢᠴᠢ ᠠᠴᠢ ᠬᠤᠯᠪᠤᠭᠳᠠᠯ ᠲᠠᠢ  ᠪᠠᠢᠬᠤ᠂  ᠬᠠᠰᠠᠷ ᠤᠨ  ᠳᠠᠬᠢᠯᠭ᠎ᠠ ᠶ᠋ᠢᠨ  ᠰᠤᠶᠤᠯ ᠢ ᠤᠯᠠᠮᠵᠢᠯᠠᠨ ᠬᠠᠮᠠᠭᠠᠯᠠᠵᠤ ᠬᠦᠭᠵᠢᠬᠦᠯᠤᠨ ᠨᠡᠬᠡᠬᠡᠨ ᠠᠰᠢᠭᠯᠠᠬᠤ᠂  ᠬᠠᠰᠠᠷ  ᠰᠤᠳᠤᠯᠭᠠᠨ ᠤ  ᠰᠤᠶᠤᠯ ᠤᠨ  ᠭᠤᠤᠯᠯᠠᠬᠤ  ᠦᠨ᠎ᠡ ᠦᠷᠳᠡᠭ᠂ ᠬᠠᠪᠤᠳᠤ ᠬᠠᠰᠠᠷ ᠤᠨ ᠤᠷᠳᠤᠨ ᠤ ᠰᠤᠶᠤᠯ ᠪᠤᠯᠤᠨ ᠠᠶᠠᠯᠠᠯ ᠵᠤᠭᠠᠴᠠᠯ ᠳ᠋ᠤ ᠦᠵᠡᠬᠦᠯᠬᠦ  ᠠᠴᠢ  ᠬᠤᠯᠪᠤᠭᠳᠠᠯ  ᠵᠡᠷᠬᠡ ᠠᠰᠠᠭᠤᠳᠠᠯ ᠤᠨ ᠳᠤᠭᠤᠷᠢᠨ ᠳ᠋ᠤ ᠰᠠᠨᠠᠯ ᠢᠶᠡᠨ ᠰᠤᠯᠢᠯᠴᠠᠨ᠂ ᠬᠠᠰᠠᠷ ᠤᠨ ᠰᠤᠳᠤᠯᠭᠠᠨ ᠢ ᠬᠡᠷᠬᠢᠨ ᠬᠦᠨᠵᠡᠭᠡᠢᠷᠡᠬᠦᠯᠤᠨ  ᠬᠦᠭᠵᠢᠬᠦᠯᠬᠦ ᠳᠤᠬᠠᠢ ᠰᠠᠨᠠᠯ ᠵᠦᠪᠯᠡᠯᠬᠡ ᠪᠠᠨ  ᠳᠡᠪᠰᠢᠬᠦᠯᠦᠭᠰᠡᠨ  ᠪᠠᠢᠨ᠎ᠠ᠃  ᠪᠦᠬᠦ  ᠤᠷᠤᠨ ᠤ  ᠡᠯ᠎ᠠ  ᠠᠢᠮᠠᠭ  ᠬᠤᠳᠠ᠂  ᠶᠡᠬᠡ  ᠳᠡᠬᠡᠳᠤ ᠰᠤᠷᠭᠠᠭᠤᠯᠢ᠂ ᠨᠡᠢᠬᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ 130 ᠭᠠᠷᠤᠢ ᠬᠦᠮᠦᠨ ᠬᠤᠷᠠᠯ ᠳ᠋ᠤ ᠤᠷᠤᠯᠴᠠᠵᠠᠢ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠦᠪᠦᠷ ᠮᠤᠩᠭ᠋ᠤᠯ  ᠤᠨ ᠳᠡᠯᠡᠬᠡᠢ ᠮᠡᠳᠡᠭᠡ ᠵᠠᠩᠬᠢ ᠮᠡᠷᠭᠡᠵᠢᠯ  ᠤᠨ ᠬᠢᠵᠠᠭᠠᠷᠲᠦ ᠺᠤᠮᠫᠠᠨᠢ  ᠡᠴᠡ ᠮᠡᠷᠭᠡᠵᠢᠯ ᠬᠠᠩᠭ᠋ᠠᠪᠠ
蒙ICP备12003062号