ᠲᠡᠦᠬᠡ ᠰᠣᠶᠤᠯ
《 ᠨᠤᠮ ᠡᠷᠲᠡᠨᠢ 》 ᠮᠤᠡᠭᠭᠤᠯ ᠲᠡᠦᠬᠡ ᠰᠤᠶᠤᠯ ‍ᠤᠨ ᠤᠡᠭᠰᠢᠬᠤ ᠪᠢᠴᠢᠭ ‍ᠤᠨ ᠲᠠᠨᠢᠯᠴᠠᠭᠤᠯᠭ᠎ᠠ
2016.10.18 ᠲᠣᠰ ᠥᠷᠲᠡᠭᠡᠨ ᠦ ᠨᠠᠢᠷᠠᠭᠤᠯᠤᠭᠴᠢ

 

     ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠤᠯᠠᠭᠠᠨᠬᠠᠲᠠ ᠬᠤᠲᠠ ᠶ᠋ᠢᠨ  ᠦᠨᠲᠦᠰᠦᠲᠡᠨ  ‍ᠤ  ᠬᠡᠷᠡᠭ ᠡᠷᠬᠢᠯᠡᠬᠦ ᠵᠦᠪᠯᠡᠯ ‍ᠤᠨ ᠮᠤᠡᠭᠭᠤᠯ ᠰᠤᠶᠤᠯ ‍ᠢ ᠬᠠᠮᠠᠭᠠᠯᠠᠵᠤ ᠰᠤᠲᠤᠯᠬᠤ ᠲᠦᠪ  ‍ᠤᠨ  ᠪᠠᠭᠰᠢ  ᠬᠡᠰᠢᠭᠪᠡᠲᠤ  ᠶ᠋ᠢᠨ  ᠨᠠᠶᠢᠷᠠᠭᠤᠯᠤᠨ ᠵᠤᠬᠢᠶᠠᠭᠰᠠᠨ᠂ ᠦᠪᠦᠷ ᠮᠤᠡᠭᠭᠤᠯ ‍ᠤᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ‍ᠤᠨ ᠬᠡᠪᠯᠡᠯ ‍ᠤᠨ  ᠬᠤᠷᠢᠶ ᠠ  ᠡᠴᠠ  ᠬᠡᠪᠯᠡᠭᠰᠡᠨ ︽ ᠨᠤᠮ ᠡᠷᠲᠡᠨᠢ︾ ᠮᠤᠡᠭᠭᠤᠯ ᠲᠡᠦᠬᠡ ᠰᠤᠶᠤᠯ ‍ᠤᠨ ᠤᠡᠭᠰᠢᠬᠤ ᠪᠢᠴᠢᠭ ‍ᠤᠨ ᠴᠤᠪᠤᠷᠠᠯ ᠪᠤᠯ ᠮᠤᠡᠭᠭᠤᠯ  ᠲᠡᠦᠬᠡ  ᠰᠤᠶᠤᠯ ᠢᠶᠡᠨ ᠰᠢᠰᠲ᠋ᠸᠮ ᠲᠠᠢ᠂ ᠪᠦᠷᠢᠨ ᠲᠦᠬᠦᠷ ᠪᠦᠭᠡᠳ ᠲᠦᠭᠦᠮ ᠤᠶᠢᠯᠠᠭᠠᠮᠵᠢᠲᠠᠢ ᠪᠠᠷ ᠲᠠᠨᠢᠯᠴᠠᠭᠤᠯᠤᠭᠰᠠᠨ᠂ ᠮᠤᠡᠭᠭᠤᠯᠴᠤᠳ ᠤᠨ ︽ ᠨᠡᠶᠢᠲᠡ ᠪᠠᠷ ᠮᠠᠲᠠᠯᠴᠠᠵᠤ ᠪᠦᠭᠦᠲᠡᠭᠡᠷ ᠢᠶᠡᠨ ᠭᠡᠭᠡᠨ ᠲᠤᠡᠭᠭᠠᠯᠠᠭ ᠪᠤᠯᠬᠤ︾ ᠳ᠋ᠤ  ᠵᠤᠷᠢᠭᠤᠯᠤᠭᠰᠠᠨ  ᠭᠠᠷ  ᠠᠪᠤᠯᠭ ᠠ  ᠶ᠋ᠢᠨ ᠨᠤᠮ ᠪᠤᠯᠬᠤ ᠶᠤᠮ᠃                 1.︽ ᠮᠤᠡᠭᠭᠤᠯ ᠲᠡᠦᠬᠡ ᠰᠤᠶᠤᠯ ‍ᠤᠨ  ᠦᠨᠲᠦᠰᠦᠨ  ᠤᠶᠢᠯᠠᠮᠵᠢ︾  ᠭᠡᠬᠦ  ᠨᠤᠮ  ᠨᠢ  ᠭᠤᠷᠪᠠᠨ  ᠪᠦᠯᠦᠭ  ᠡᠴᠠ ᠪᠦᠷᠢᠯᠲᠦᠭᠰᠡᠨ ᠶᠤᠮ᠃ ︽ ᠡᠪᠦᠭᠡ ᠲᠡᠭᠡᠲᠦᠰ ‍ᠤᠨ ᠲᠡᠦᠬᠡᠨ ᠮᠦᠷ︾ ᠲᠤ ᠨᠢᠭᠤᠴᠠ ᠲᠤᠪᠴᠢᠶᠠᠨ  ᠳ᠋ᠠᠬᠢ  ᠴᠢᠡᠭᠭᠢᠰ  ᠬᠠᠭᠠᠨ ‍ᠤ ᠦᠶ ᠡ ᠵᠠᠯᠭᠠᠮᠵᠢ ᠡᠴᠠ ᠡᠬᠢᠯᠡᠨ ᠮᠤᠡᠭᠭᠤᠯ ᠦᠨᠲᠦᠰᠦᠲᠡᠨ ‍ᠤ ᠬᠦᠭᠵᠢᠵᠤ ᠤᠯᠠᠷᠢᠭᠰᠠᠨ  ᠲᠡᠦᠬᠡ  ᠶ᠋ᠢ  ᠬᠠᠮᠤᠭ  ‍ᠤᠨ  ᠲᠤᠪᠴᠢ ᠲᠦᠭᠦᠮ ᠤᠶᠢᠯᠠᠭᠠᠮᠵᠢᠲᠠᠢ ᠪᠠᠷ ᠲᠠᠨᠢᠯᠴᠠᠭᠤᠯᠤᠨ ᠬᠦᠦᠷᠨᠢᠭᠰᠡᠨ ᠶᠤᠮ᠃ ᠪᠠᠷᠤᠭ ᠯᠠ ᠭᠠᠷᠴᠠᠭ ‍ᠢ  ᠨᠢ  ᠦᠵᠡᠭᠡᠳ ᠭᠠᠷᠬᠤ ᠳ᠋ᠤ ᠮᠤᠡᠭᠭᠤᠯ ᠲᠡᠦᠭᠡ ᠶ᠋ᠢᠨ ᠲᠤᠶᠢᠮᠦ ᠪᠠᠨ ᠤᠶᠢᠯᠠᠭᠠᠵᠤ ᠪᠤᠯᠤᠨ ᠠ ᠭᠡᠬᠦ ᠳ᠋ᠤ ᠬᠡᠲᠦᠷᠡᠬᠦ ᠪᠠᠷ ᠦᠭᠡᠢ ᠶᠤᠮ᠃ ︽ ᠦᠪ  ᠰᠤᠶᠤᠯ  ‍ᠤᠨ ᠭᠡᠷᠡᠯ ᠬᠢᠯᠪᠠᠭ ᠠ︾ ᠳ᠋ᠤ ᠮᠤᠡᠭᠭᠤᠯ ᠦᠰᠦᠭ ᠪᠢᠴᠢᠭ ‍ᠤᠨ  ᠪᠤᠢ  ᠪᠤᠯᠤᠭᠰᠠᠨ  ᠡᠴᠠ  ᠡᠬᠢᠯᠡᠨ  ᠮᠤᠡᠭᠭᠤᠯ  ᠦᠨᠲᠦᠰᠦᠲᠡᠨ  ‍ᠤ ᠰᠤᠡᠭᠭᠤᠲᠠᠭ ᠵᠤᠬᠢᠶᠠᠯ ᠪᠠ ᠵᠤᠬᠢᠶᠠᠯᠴᠢ ᠵᠡᠷᠭᠡ ᠶ᠋ᠢ ᠲᠠᠨᠢᠯᠴᠠᠭᠤᠯᠤᠭᠰᠠᠨ ᠶᠤᠮ᠃ ︽ ᠦᠰᠪᠦᠷᠢ  ᠶ᠋ᠢᠨ  ᠬᠡᠦᠬᠡᠳ  ‍ᠤᠨ  ᠤᠬᠠᠭᠠᠨ ᠪᠤᠲᠤᠯ ᠳ᠋ᠤ︾ ᠪᠦᠯᠦᠭ ᠨᠢ ᠬᠠᠮᠤᠭ  ᠠᠡᠭᠬ ᠠ  ᠤᠲᠠᠭ ᠠ  ︽ ᠮᠤᠡᠭᠭᠤᠯ  ᠬᠦᠮᠦᠨ  ᠴᠤᠬᠤᠮ  ᠶᠠᠮᠠᠷ  ᠪᠠᠶᠢᠲᠠᠭ  ᠪᠤᠢ︾  ᠭᠡᠰᠡᠨ ᠠᠰᠠᠭᠤᠯᠲᠠ ᠶ᠋ᠢᠨ ᠬᠠᠷᠢᠭᠤ ᠳ᠋ᠤ ᠲᠡᠦᠬᠡ ᠶ᠋ᠢᠨ ᠪᠤᠲᠠᠲᠤ ᠤᠴᠢᠷ ᠢᠶᠠᠷ ᠵᠢᠱᠢᠶᠡᠯᠡᠨ᠂ ᠮᠤᠡᠭᠭᠤᠯ ᠬᠦᠮᠦᠨ ‍ᠤ  ᠵᠠᠡᠭ  ᠠᠷᠠᠨᠰᠢᠨ ᠪᠡ ᠬᠦᠮᠦᠨ ᠴᠢᠨᠠᠷ ᠲᠤ ᠬᠤᠷᠢᠶᠠᠡᠭᠭᠤᠶᠢᠯᠠᠯ ᠬᠢᠬᠦ ᠪᠠᠷ ᠤᠷᠤᠯᠲᠤᠭᠰᠠᠨ ᠶᠤᠮ᠃ ᠲᠤᠰ ᠪᠦᠯᠦᠭ  ᠲᠤ  ᠪᠠᠰᠠ  ᠮᠤᠡᠭᠭᠤᠯᠴᠤᠳ  ‍ᠤᠨ ᠦᠷ ᠡ ᠬᠡᠦᠬᠡᠳ ᠢᠶᠡᠨ ᠬᠦᠮᠦᠵᠢᠭᠦᠯᠬᠦ ᠤᠯᠠᠮᠵᠢᠯᠠᠯᠲᠤ ᠭᠡᠷ ‍ᠤᠨ ᠰᠤᠷᠭᠠᠯ ‍ᠢ ᠲᠠᠨᠢᠯᠴᠠᠭᠤᠯᠵᠠᠢ᠃                 2. ︽ ᠮᠤᠡᠭᠭᠤᠯ ᠬᠠᠭᠠᠳ ‍ᠤᠨ ᠴᠢᠭᠤᠯᠭᠠᠨ︾ ᠭᠡᠬᠦ ᠨᠤᠮ ᠪᠤᠯ ᠮᠤᠡᠭᠭᠤᠯ ᠬᠠᠭᠠᠳ  ‍ᠢ  ᠲᠠᠨᠢᠯᠴᠠᠭᠤᠯᠤᠭᠰᠠᠨ  ᠰᠢᠨ ᠡ ᠨᠢᠭᠡᠨ ᠡᠷᠢᠯᠬᠢᠯᠡᠯ ᠭᠡᠵᠤ ᠬᠡᠯᠡᠵᠤ ᠪᠤᠯᠤᠨ ᠠ᠃ ᠦᠡᠭᠭᠡᠷᠡᠭᠰᠡᠨ ‍ᠤ ᠮᠤᠡᠭᠭᠤᠯ ᠬᠠᠭᠠᠳ ‍ᠢ ᠲᠠᠨᠢᠯᠴᠠᠭᠤᠯᠤᠭᠰᠠᠨ ᠨᠤᠮ  ᠲᠡᠪᠲᠡᠷ  ᠲᠤ ᠪᠦᠷ ᠴᠢᠡᠭᠭᠢᠰ ᠬᠠᠭᠠᠨ ᠡᠴᠠ ᠯᠢᠭᠲᠡᠨ ᠬᠠᠭᠠᠨ ᠬᠦᠷᠲᠡᠯᠡᠬᠢ ᠮᠤᠡᠭᠭᠤᠯ ᠲᠦᠷᠦ ᠶ᠋ᠢᠨ  ᠬᠠᠭᠠᠳ  ‍ᠢ  ᠲᠠᠨᠢᠯᠴᠠᠭᠤᠯᠤᠭᠰᠠᠨ ᠪᠦᠭᠡᠳ ᠪᠠᠰᠠ ᠵᠠᠷᠢᠮ ᠨᠤᠮ ᠨᠢ ᠵᠦᠪᠬᠡᠨ ᠠᠯᠲᠠᠨ ᠤᠷᠤᠭᠲᠠᠨ ‍ᠤ ᠬᠠᠭᠠᠳ ‍ᠢ ᠯᠠ ᠲᠠᠨᠢᠯᠴᠠᠭᠤᠯᠤᠭᠰᠠᠨ ᠪᠠᠶᠢᠨ ᠠ᠃  ᠲᠤᠰ  ᠨᠤᠮ  ᠡᠨᠡᠬᠦ ᠬᠢᠵᠠᠭᠠᠷᠯᠠᠯ ‍ᠢ ᠵᠤᠷᠢᠭᠲᠠᠢ ᠪᠠᠷ ᠲᠠᠪᠠᠵᠤ᠂ ᠡᠾᠦᠢᠡᠭᠨᠦ ᠬᠠᠭᠠᠨᠲᠤ ᠤᠯᠤᠰ᠂ ᠬᠠᠮᠤᠭ ᠮᠤᠡᠭᠭᠤᠯ ᠤᠯᠤᠰ᠂ ᠶᠡᠬᠡ ᠮᠤᠡᠭᠭᠤᠯ ᠤᠯᠤᠰ᠂ ᠮᠤᠡᠭᠭᠤᠯ ᠲᠦᠷᠪᠡᠨ ᠶᠡᠬᠡ ᠬᠠᠭᠠᠨᠲᠤ ᠤᠯᠤᠰ᠂ ᠶᠡᠬᠡ ᠶᠤᠸᠠᠨ ᠤᠯᠤᠰ᠂ ᠤᠮᠠᠷᠠᠲᠤ ᠶᠤᠸᠠᠨ ᠤᠯᠤᠰ᠂ ᠲᠡᠮᠦᠷ ᠬᠠᠭᠠᠨᠲᠦ ᠤᠯᠤᠰ᠂ ᠮᠤᠡᠭᠭᠤᠷ ᠬᠠᠭᠠᠨᠲᠤ ᠤᠯᠤᠰ᠂ ᠵᠦᠩᠭᠠᠷ ᠬᠠᠭᠠᠨᠲᠤ ᠤᠯᠤᠰ᠂ ᠬᠠᠯᠢᠮᠠᠭ ᠬᠠᠭᠠᠨᠲᠤ ᠤᠯᠤᠰ᠂ ᠶᠡᠬᠡ ᠮᠤᠡᠭᠭᠤᠯ  ᠬᠠᠭᠠᠨᠲᠤ  ᠤᠯᠤᠰ ᠵᠡᠷᠭᠡ ᠮᠤᠡᠭᠭᠤᠯ ᠲᠦᠷᠦ ᠶ᠋ᠢᠨ ᠲᠦᠮᠡᠨ ᠴᠠᠨ ᠢᠦᠢ ᠡᠴᠠ ᠵᠢᠪᠽᠦᠨᠲᠠᠮᠪᠠ ᠬᠦᠷᠲᠡᠯᠡᠬᠢ 257  ᠬᠠᠭᠠᠨ  ᠳ᠋ᠤ  ᠬᠤᠯᠪᠤᠭᠲᠠᠨ ᠠ᠃ ᠡᠭᠦᠨ ‍ᠤ ᠬᠠᠮᠲᠤ ᠪᠠᠰᠠ ᠨᠢᠭᠡ ᠪᠦᠯᠦᠭ ᠬᠠᠭᠠᠳ ‍ᠤᠨ ᠬᠦᠷᠦᠭ ᠵᠢᠷᠤᠭ  ‍ᠢ  ᠲᠠᠭᠠᠯᠲᠤᠭᠤᠯᠵᠤ᠂  ᠪᠠᠰᠠ  ᠵᠠᠷᠢᠮ  ᠬᠠᠭᠠᠳ  ‍ᠤᠨ ᠦᠯᠢᠭᠡᠷ ᠵᠤᠭᠤᠭ ᠲᠠᠢ ᠤᠶᠠᠯᠲᠤᠭᠤᠯᠤᠭᠰᠠᠨ ᠡᠴᠠ ᠶᠡᠬᠡᠯ ᠡ ᠠᠮᠢᠲᠤ  ᠲᠦᠷᠰᠦᠯᠢᠭ  ᠪᠦᠭᠡᠳ  ᠨᠢᠲᠦ  ᠨᠡᠬᠡᠬᠡᠮᠡᠷ  ᠨᠢᠭᠡᠨ  ᠨᠤᠮ ᠪᠤᠯᠤᠭᠰᠠᠨ ᠶᠤᠮ᠃                 3.︽ ᠡᠷ ᠡ ᠶ᠋ᠢᠨ ᠭᠤᠷᠪᠠᠨ ᠨᠠᠭᠠᠲᠤᠮ ‍ᠤᠨ ᠦᠯᠢᠭᠡᠷ ᠲᠤᠮᠤᠭ᠋︾ ᠭᠡᠬᠦ ᠨᠤᠮ ᠳ᠋ᠤ ᠮᠤᠡᠭᠭᠤᠯ ᠦᠨᠲᠦᠰᠦᠲᠡᠨ ‍ᠤ ᠲᠤᠮᠲᠠ ᠲᠠᠯᠠᠢ ᠶᠡᠬᠡᠪᠡᠷ ᠲᠠᠷᠬᠠᠨ ᠲᠡᠯᠭᠡᠷᠡᠭᠰᠡᠨ ᠬᠦᠴᠦᠲᠦ ᠪᠦᠬᠡ᠂ ᠵᠢᠭᠦᠷᠲᠦ  ᠬᠦᠯᠦᠭ᠂  ᠮᠡᠷᠭᠡᠨ  ᠰᠤᠷᠴᠢᠨ  ‍ᠤ  ᠦᠯᠢᠭᠡᠷ ᠲᠤᠮᠤᠭ ‍ᠢ ᠡᠮᠬᠢᠳᠭᠡᠨ ᠨᠠᠶᠢᠷᠠᠭᠤᠯᠤᠭᠰᠠᠨ ᠶᠤᠮ᠃ ᠲᠡᠭᠡᠬᠦ ᠳ᠋ᠡᠭᠡᠨ ᠦᠪᠦᠷ ᠮᠤᠡᠭᠭᠤᠯ ‍ᠤᠨ ᠡᠯ ᠡ ᠤᠷᠤᠨ  ‍ᠤ  ᠤᠯᠠᠨ  ᠰᠠᠶᠢᠬᠠᠨ  ᠦᠯᠢᠭᠡᠷ ᠲᠤᠮᠤᠭ ᠡᠴᠠ ᠨᠡᠶᠢᠲᠡᠯᠢᠭ ᠴᠢᠨᠠᠷᠲᠠᠢ ᠶ᠋ᠢ ᠨᠢ ᠰᠤᠡᠭᠭᠤᠨ ᠠᠪᠴᠤ ᠡᠮᠬᠢᠳᠭᠡᠭᠰᠡᠨ ᠡᠴᠠ ᠮᠠᠰᠢ ᠶᠡᠬᠡ ᠲᠦᠯᠦᠭᠡᠯᠡᠬᠦ ᠴᠢᠨᠠᠷᠲᠠᠢ  ᠪᠤᠯᠵᠤ ᠴᠢᠲᠠᠵᠠᠢ᠃ ᠡᠲᠡᠭᠡᠷ ᠦᠯᠢᠭᠡᠷ ᠲᠤᠮᠤᠭ ᠢᠶᠡᠨ ᠤᠡᠭᠰᠢᠬᠤ ᠳ᠋ᠤ ᠯᠠ ᠮᠤᠡᠭᠭᠤᠯ ‍ᠤᠨ  ᠰᠠᠶᠢᠬᠠᠨ  ᠠᠪᠤᠷᠭᠤ  ᠪᠦᠬᠡᠴᠢᠳ  ᠮᠠᠭᠰᠢᠨ ᠲᠡᠪᠢᠵᠤ᠂ ᠵᠢᠭᠦᠷᠲᠦ ᠬᠦᠯᠦᠭ ‍ᠤᠳ ᠨᠢᠰᠦᠨ ᠵᠢᠷᠢᠯᠵᠡᠬᠦ ᠨᠢ ᠨᠢᠲᠦᠨ ᠡ ᠬᠠᠷᠠᠭᠲᠠᠵᠤ᠂ ᠮᠡᠷᠭᠡᠨ ᠬᠠᠷᠪᠤᠭᠠᠴᠢᠳ ‍ᠤᠨ ᠭᠤᠲᠤᠯᠢ ᠶ᠋ᠢᠨ ᠲᠠᠭᠤᠨ ᠴᠢᠬᠢᠨ ᠡ ᠲᠤᠭᠤᠯᠲᠠᠬᠤ ᠰᠢᠤᠬᠠᠨ ᠪᠤᠯᠬᠤ ᠶᠤᠮ ᠡ᠃                  ᠵᠤᠬᠢᠶᠠᠭᠴᠢ ᠶ᠋ᠢᠨ ᠦᠭᠡ᠄ ᠰᠠᠯᠵᠢᠭᠤᠳ ᠤᠪᠤᠭᠲᠠᠨ ᠬᠡᠰᠢᠭᠪᠠᠲᠤ᠂ ᠲᠤᠮᠲᠠᠲᠤ ᠰᠤᠷᠭᠠᠭᠤᠯᠢ ᠶ᠋ᠢᠨ ᠲᠡᠭᠡᠲᠦ  ᠲᠡᠰ  ‍ᠤᠨ ᠪᠠᠭᠰᠢ᠂ ᠦᠪᠡᠷᠲᠡᠭᠡᠨ ᠵᠠᠰᠠᠬᠤ ᠤᠷᠤᠨ ‍ᠤ ᠲᠡᠰ ‍ᠤᠨ ︽ ᠮᠤᠡᠭᠭᠤᠯ ᠬᠡᠯᠡ ᠪᠢᠴᠢᠭ ‍ᠤᠨ ᠭᠤᠤᠯᠯᠠᠭᠴᠢ ᠪᠠᠭᠰᠢ︾ ᠴᠤᠯᠠ  ᠲᠠᠢ᠃ 1964 ᠤᠨ ‍ᠤ 2 ᠰᠠᠷ ᠠ ᠶ᠋ᠢᠨ 3 ‍ᠤ ᠡᠲᠦᠷ᠂ ᠵᠤᠤ ᠤᠲᠠ ᠠᠶᠢᠮᠠᠭ ‍ᠤᠨ ᠠᠷᠤ  ᠬᠤᠷᠴᠢᠨ  ᠬᠤᠰᠢᠭᠤᠨ  ‍ᠤ  ᠪᠠᠯᠴᠢᠷᠤᠳ ᠰᠤᠮᠤᠨ ‍ᠤ ᠠᠷᠤ ᠵᠢᠨ ᠨᠠᠭᠤᠷ ᠭᠠᠴᠠᠭᠠᠨ ‍ᠤ ᠮᠠᠯᠴᠢᠨ ᠨᠢᠮᠬᠠᠨᠤᠷᠪᠤ᠋ ᠪᠠ ᠪᠦᠮᠡᠳᠮ ᠡ ᠶ᠋ᠢᠨ ᠲᠦᠷᠪᠡᠨ ᠬᠦᠪᠡᠭᠦᠨ ‍ᠤ ᠤᠳᠬᠤᠨ ᠨᠢ ᠪᠤᠯᠵᠤ ᠵᠠᠶᠠᠭᠠᠵᠠᠢ᠃ 1987 ᠤᠨ ᠳ᠋ᠤ ᠦᠪᠦᠷ ᠮᠤᠡᠭᠭᠤᠯ ‍ᠤᠨ ᠪᠠᠭᠰᠢ ᠶ᠋ᠢᠨ  ᠶᠡᠬᠡ  ᠰᠤᠷᠭᠠᠭᠤᠯᠢ  ᠶ᠋ᠢᠨ  ᠮᠤᠡᠭᠭᠤᠯ  ᠬᠡᠯᠡ ᠤᠳᠬ ᠠ ᠵᠤᠬᠢᠶᠠᠯ ‍ᠤᠨ ᠰᠠᠯᠪᠤᠷᠢ ᠡᠴᠠ ᠲᠡᠭᠦᠰᠴᠦ᠂ ᠤᠯᠠᠭᠠᠨᠬᠠᠲᠠ ᠶ᠋ᠢᠨ ᠮᠤᠡᠭᠭᠤᠯ ᠦᠨᠲᠦᠰᠦᠲᠡᠨ ‍ᠤ ᠲᠤᠮᠲᠠᠲᠤ  ᠰᠤᠷᠭᠠᠭᠤᠯᠢ ᠳ᠋ᠤ ᠠᠵᠢᠯᠯᠠᠵᠠᠢ᠃ ᠤᠯᠠᠭᠠᠨᠬᠠᠲᠠ ᠶ᠋ᠢᠨ ᠮᠤᠡᠭᠭᠤᠯ ᠲᠤᠮᠲᠠᠲᠤ ᠰᠤᠷᠭᠠᠭᠤᠯᠢ ᠳ᠋ᠤ 27  ᠵᠢᠯ  ᠪᠠᠭᠰᠢᠯᠠᠵᠤ᠂  16  ᠵᠢᠯ  ᠠᠡᠭᠭᠢ ᠡᠷᠬᠢᠯᠡᠭᠴᠢ ᠪᠤᠯᠵᠤ᠂ 12 ᠤᠲᠠᠭᠠᠨ ‍ᠤ ᠲᠡᠭᠦᠰᠬᠦ ᠠᠡᠭᠭᠢ  ᠶ᠋ᠢᠨ  ᠤᠯᠤᠰ  ‍ᠤᠨ  ᠰᠢᠯᠭᠠᠯᠲᠠ  ᠶ᠋ᠢ  ᠵᠢᠯᠤᠭᠤᠳᠴᠤ᠂  ᠮᠤᠡᠭᠭᠤᠯ ᠰᠤᠷᠤᠭᠴᠢᠳ ᠢᠶᠡᠨ ᠮᠢᠡᠭᠭ ᠠ ᠮᠢᠡᠭᠭ ᠠ ᠪᠠᠷ ᠬᠦᠮᠦᠵᠢᠬᠦᠯᠦᠭᠰᠡᠨ ᠶᠤᠮ᠃         ᠵᠢᠭᠠᠨ ᠰᠤᠷᠭᠠᠯᠲᠠ ᠶ᠋ᠢᠨ ᠲᠦᠯᠦᠭᠡ ᠵᠢᠳᠬᠦᠵᠤ ᠪᠠᠶᠢᠭᠰᠠᠨ ᠤᠨ ᠵᠢᠯ ᠳ᠋ᠤ ᠰᠤᠷᠤᠭᠴᠢᠳ ‍ᠤᠨ ᠮᠢᠨᠢ ᠮᠤᠡᠭᠭᠤᠯ ᠲᠡᠦᠬᠡ ᠰᠤᠶᠤᠯ ‍ᠤᠨ ᠲᠠᠯ ᠠ ᠶ᠋ᠢᠨ ᠤᠶᠢᠯᠠᠭᠠᠯᠲᠠ ᠲᠤᠲᠠᠮᠠᠭ ᠪᠠᠶᠢᠲᠠᠯ ᠨᠢ ᠨᠠᠮᠠᠢ ᠴᠠᠭ ᠢᠮᠠᠭᠲᠠ ᠰᠢᠨᠠᠯᠭᠠᠵᠤ᠂ ᠮᠤᠡᠭᠭᠤᠯ ᠬᠡᠦᠬᠡᠳ  ᠲᠡᠬᠡᠨ ᠲᠡᠦᠬᠡ ᠰᠤᠶᠤᠯ ‍ᠢ ᠨᠢ ᠲᠤᠪᠴᠢ ᠲᠦᠬᠦᠮ ᠪᠤᠯᠪᠠᠴᠤ ᠮᠡᠲᠡᠭᠦᠯᠦᠶ ᠠ ᠭᠡᠵᠤ ᠮᠤᠡᠭᠭᠤᠯ ᠲᠡᠦᠬᠡ᠂ ᠰᠤᠶᠤᠯ᠂ ᠵᠠᠡᠭ ᠦᠢᠯᠡ᠂ ᠭᠡᠷ  ‍ᠤᠨ ᠰᠤᠷᠭᠠᠯ ᠵᠡᠷᠭᠡ ᠤᠯᠠᠨ ᠲᠠᠯ ᠠ ᠶ᠋ᠢᠨ ᠮᠠᠲ᠋ᠸᠷᠢᠶᠠᠯ ᠴᠤᠭᠯᠠᠭᠤᠯᠵᠤ ᠤᠯᠠᠨ ᠵᠢᠯ ‍ᠤᠨ ᠲᠤᠷᠰᠢ ᠤᠷᠤᠯᠲᠤᠭᠰᠠᠭᠠᠷ ᠢᠷᠡᠭᠰᠡᠨ  ᠶᠤᠮ᠃ ᠤᠨᠴᠠᠭᠠᠶᠢᠯᠠᠨ ᠤᠷᠴᠢᠮ ‍ᠤᠨ ᠵᠢᠯ ᠳ᠋ᠤ ᠬᠤᠲᠠ ᠪᠠᠯᠭᠠᠰᠤᠴᠢᠯᠠᠬᠤ ᠶ᠋ᠢᠨ ᠲᠦᠷᠭᠡᠳᠬᠦ ᠶ᠋ᠢ ᠲᠠᠭᠠᠯᠲᠤᠨ ᠬᠦᠲᠡᠭᠡ ᠨᠤᠲᠤᠭ ‍ᠤᠨ ᠤᠯᠠᠮ ᠡᠴᠠ ᠤᠯᠠᠨ ᠮᠤᠡᠭᠭᠤᠯ ᠬᠡᠦᠬᠡᠳ ᠮᠤᠡᠭᠭᠤᠯ ᠠᠮᠢᠲᠤᠷᠠᠯ ᠰᠤᠶᠤᠯ ‍ᠤᠨ  ᠤᠷᠴᠢᠨ  ᠡᠴᠠ  ᠪᠠᠨ  ᠰᠠᠯᠤᠭᠠᠳ᠂  ᠮᠤᠡᠭᠭᠤᠯ  ‍ᠤᠨ ᠰᠠᠶᠢᠬᠠᠨ ᠭᠡᠷ ‍ᠤᠨ ᠰᠤᠷᠭᠠᠯ ᠵᠠᠡᠭ ᠲᠠᠳᠬᠠᠯ ᠢᠶᠡᠨ ᠴᠤ ᠮᠠᠷᠲᠠᠵᠤ ᠡᠬᠢᠯᠡᠬᠦ ᠬᠠᠨᠲᠤᠰᠢ ᠲᠠᠢ ᠪᠤᠯᠤᠭᠰᠠᠨ ᠨᠢ  ᠮᠢᠨᠦ  ᠰᠡᠳᠬᠢᠯ  ‍ᠤᠨ ᠲᠠᠷᠤᠭᠠᠰᠤ ᠶ᠋ᠢ ᠶᠠᠭᠠᠬᠢᠬᠤ ᠶ᠋ᠢᠨ ᠠᠷᠭ ᠠ  ᠦᠬᠡᠢ  ᠬᠦᠨᠲᠦᠷᠡᠭᠦᠯᠵᠤ  ᠪᠢᠯᠡ᠃  ᠢᠡᠭᠭᠢᠵᠤ  ᠪᠠᠶᠢᠲᠠᠯ ᠠ᠂  2014  ᠤᠨ  ᠳ᠋ᠤ ᠤᠯᠠᠭᠠᠨᠬᠠᠲᠠ ᠶ᠋ᠢᠨ ᠦᠨᠲᠦᠰᠦᠲᠡᠨ ‍ᠤ ᠬᠡᠷᠡᠭ ᠡᠷᠬᠢᠯᠡᠬᠦ ᠵᠦᠪᠯᠡᠯ ‍ᠤᠨ ᠮᠤᠡᠭᠭᠤᠯ ᠰᠤᠶᠤᠯ ‍ᠢ ᠬᠠᠮᠠᠭᠠᠯᠠᠵᠤ ᠰᠤᠲᠤᠯᠬᠤ ᠲᠦᠪ  ᠲᠤ ᠢᠷᠡᠵᠤ ᠠᠵᠢᠯᠯᠠᠭᠰᠠᠨ ᠮᠠᠨᠢ ᠨᠡᠲᠡᠲᠤ ᠴᠤᠭᠯᠠᠭᠤᠯᠤᠭᠰᠠᠨ ᠵᠦᠢᠯ ᠢᠶᠡᠨ ᠡᠮᠬᠢᠳᠭᠡᠨ ᠬᠡᠪᠯᠡᠭᠦᠯᠵᠤ᠂ ᠮᠤᠡᠭᠭᠤᠯ ᠰᠤᠷᠤᠭᠴᠢᠳ ᠲᠠᠭᠠᠨ ᠤᠶᠤᠨ ‍ᠤ ᠬᠦᠨᠡᠰᠦ ᠪᠤᠯᠭᠠᠨ ᠲᠡᠪᠰᠢᠭᠦᠯᠬᠦ ᠳ᠋ᠤ ᠴᠠᠭ ᠪᠠ ᠨᠦᠬᠦᠴᠡᠯ  ᠤᠯᠭᠤᠭᠰᠠᠨ  ᠶᠤᠮ᠃  ᠢᠡᠭᠭᠢᠭᠡᠳ  ᠤᠲᠤ  ᠴᠠᠭ  ‍ᠤᠨ ᠰᠤᠷᠤᠭᠴᠢᠳ ‍ᠤᠨ ᠤᠡᠭᠰᠢᠯᠭ ᠠ ᠶ᠋ᠢᠨ ᠲᠠᠳᠬᠠᠯ ᠪᠠ ᠰᠡᠳᠬᠢᠴᠡ ᠶ᠋ᠢᠨ ᠤᠨᠴᠠᠯᠢᠭ ᠲᠤ ᠵᠤᠬᠢᠴᠠᠭᠤᠯᠤᠨ᠂  ᠬᠠᠮᠤᠭ  ‍ᠤᠨ ᠰᠢᠰᠲ᠋ᠸᠮ ᠲᠠᠢ᠂ ᠲᠤᠪᠴᠢ ᠠᠪᠰᠠᠷ᠂ ᠲᠦᠬᠦᠮ ᠤᠶᠢᠯᠠᠭᠠᠮᠵᠢᠲᠠᠢ ᠬᠡᠯᠪᠡᠷᠢ ᠪᠠᠷ ︽ ᠨᠤᠮ ᠡᠷᠲᠡᠨᠢ︾ ᠮᠤᠡᠭᠭᠤᠯ ᠲᠡᠦᠬᠡ ᠰᠤᠶᠤᠯ ‍ᠤᠨ ᠤᠡᠭᠰᠢᠬᠤ ᠪᠢᠴᠢᠭ ‍ᠤᠨ ᠴᠤᠪᠤᠷᠠᠯ ᠢᠶᠡᠨ ᠱᠠᠯᠠᠪᠲᠠᠨ ᠨᠠᠶᠢᠷᠠᠭᠤᠯᠵᠤ᠂ ᠮᠤᠡᠭᠭᠤᠯ ᠲᠡᠦᠬᠡ ᠰᠤᠶᠤᠯ ‍ᠤᠨ ᠤᠶᠤᠨ ᠤᠬᠠᠭᠠᠨ ‍ᠤ ᠰᠢᠮ ᠡ ᠲᠡᠵᠢᠭᠡᠯ ᠪᠤᠯᠭᠠᠨ ᠡᠷᠭᠦᠯ ᠡ᠃         ︽ ᠨᠤᠮ ᠡᠷᠲᠡᠨᠢ︾ ᠮᠤᠡᠭᠭᠤᠯ ᠲᠡᠦᠬᠡ ᠰᠤᠶᠤᠯ ‍ᠤᠨ ᠤᠡᠭᠰᠢᠬᠤ ᠪᠢᠴᠢᠭ  ‍ᠤᠨ  ᠴᠤᠪᠤᠷᠠᠯ ᠢᠶᠡᠨ  ᠪᠦᠬᠦ  ᠤᠷᠤᠨ  ‍ᠤ ᠬᠤᠷᠢᠨ ᠬᠡᠲᠦᠨ ᠲᠦᠮᠡᠨ ᠮᠤᠡᠭᠭᠤᠯ ᠰᠤᠷᠤᠭᠴᠢᠳ ᠲᠠᠭᠠᠨ ᠵᠤᠯᠭᠠᠭᠤᠯᠬᠤ ᠪᠤᠯ ᠮᠢᠨᠦ ᠬᠦᠰᠡᠯ  ᠡᠷᠡᠮᠡᠯᠵᠡᠯ  ᠮᠦᠨ᠂  ᠮᠦᠨ  ᠴᠤ ᠮᠤᠡᠭᠭᠤᠯ ᠬᠡᠯᠡᠨ ‍ᠤ ᠪᠠᠭᠰᠢ  ᠪᠤᠯᠤᠭᠰᠠᠨ  ‍ᠤ  ᠮᠢᠨᠢ  ᠡᠭᠦᠷᠭᠡ  ᠬᠠᠷᠢᠭᠤᠴᠠᠯᠭ ᠠ  ᠮᠦᠨ  ᠭᠡᠵᠤ  ᠪᠤᠲᠤᠵᠤ  ᠪᠠᠶᠢᠨ ᠠ᠃  ᠮᠢᠨᠦ ᠲᠡᠭᠦᠰᠭᠡᠭᠰᠡᠨ ᠰᠤᠷᠤᠭᠴᠢ ᠪᠦᠷᠢ᠂ ᠮᠤᠡᠭᠭᠤᠯ ᠰᠤᠷᠭᠠᠭᠤᠯᠢ ᠶ᠋ᠢᠨ ᠰᠤᠷᠤᠭᠴᠢ ᠪᠦᠬᠦᠨ ᠡᠨᠡᠬᠦ ᠨᠤᠮ ‍ᠢ  ᠲᠦᠬᠡᠮᠡᠯᠵᠢᠬᠦᠯᠦᠨ  ᠤᠯᠠᠨ ᠲᠦᠮᠡᠨᠴᠢ ᠴᠢᠨᠠᠷᠲᠠᠢ ᠤᠡᠭᠰᠢᠯᠭ ᠠ ᠶ᠋ᠢᠨ ᠨᠤᠮ ᠪᠤᠯᠭᠠᠬᠤ ᠳ᠋ᠤ ᠴᠢᠷᠮᠠᠶᠢᠨ ᠵᠢᠳᠬᠦᠬᠦ ᠶ᠋ᠢ ᠬᠦᠰᠡᠨ ᠡᠷᠡᠮᠡᠯᠵᠠᠵᠤ ᠪᠠᠶᠢᠨ ᠠ᠃                          ︵ ᠮᠠᠲ᠋ᠸᠷᠢᠶᠠᠯ ‍ᠢ ᠬᠡᠰᠢᠭᠪᠡᠳᠤ ᠬᠠᠩᠭᠠᠪᠠ ︶

 

 

 

 

 

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠦᠪᠦᠷ ᠮᠤᠩᠭ᠋ᠤᠯ  ᠤᠨ ᠳᠡᠯᠡᠬᠡᠢ ᠮᠡᠳᠡᠭᠡ ᠵᠠᠩᠬᠢ ᠮᠡᠷᠭᠡᠵᠢᠯ  ᠤᠨ ᠬᠢᠵᠠᠭᠠᠷᠲᠦ ᠺᠤᠮᠫᠠᠨᠢ  ᠡᠴᠡ ᠮᠡᠷᠭᠡᠵᠢᠯ ᠬᠠᠩᠭ᠋ᠠᠪᠠ
蒙ICP备12003062号