ᠲᠡᠦᠬᠡ ᠰᠣᠶᠤᠯ
ᠦᠪ ᠰᠤᠶᠤᠯ ᠢᠶᠡᠨ ᠬᠠᠮᠠᠭᠠᠯᠠᠵᠤ ᠦᠷ᠎ᠠ ᠬᠤᠢᠴᠢᠰ ᠲᠠᠭᠠᠨ ᠤᠯᠠᠮᠵᠢᠯᠠᠨ᠎ᠠ
2016.10.18 ᠲᠣᠰ ᠥᠷᠲᠡᠭᠡᠨ ᠦ ᠨᠠᠢᠷᠠᠭᠤᠯᠤᠭᠴᠢ

 

          9 ᠰᠠᠷ ᠠ ᠶ᠋ᠢᠨ ᠡᠬᠢ ᠪᠠᠷ᠂ ᠰᠦᠨᠢᠳ ᠵᠡᠭᠦᠨ ᠬᠤᠰᠢᠭᠤᠨ ᠤ  ᠮᠤᠩᠭᠤᠯ  ᠦᠨᠳᠦᠰᠦᠳᠡᠨ ᠤ  ᠲᠤᠮᠳᠠᠳᠤ  ᠰᠤᠷᠭᠠᠭᠤᠯᠢ ᠶ᠋ᠢᠨ ᠰᠤᠷᠤᠭᠴᠢᠳ ᠤᠨᠴᠠᠭᠠᠢ ᠤᠳᠬ ᠠ ᠠᠭᠤᠯᠭ ᠠ ᠲᠠᠢ ᠨᠢᠭᠡ  ᠤᠳᠠᠭᠠᠨ ᠤ  ᠬᠢᠴᠢᠶᠡᠯ  ᠰᠤᠨᠤᠰᠴᠤ᠂  ᠦᠪ  ᠰᠤᠶᠤᠯ ᠢᠶᠡᠨ  ᠬᠠᠢᠷᠠᠯᠠᠨ ᠬᠠᠮᠠᠭᠠᠯᠠᠬᠤ ᠶ᠋ᠢᠨ ᠤᠳᠬ ᠠ ᠤᠴᠢᠷ ᠢ ᠤᠢᠯᠠᠭᠠᠭᠰᠠᠨ ᠪᠠᠢᠨ ᠠ᠃  ᠲᠠᠷᠤᠢ  ᠦᠪᠡᠷᠳᠡᠭᠡᠨ  ᠵᠠᠰᠠᠬᠤ  ᠤᠷᠤᠨ ᠤ  ᠪᠤᠳᠠᠰ ᠤᠨ ᠪᠤᠰᠤ ᠰᠤᠶᠤᠯ ᠤᠨ ᠢᠰᠡᠭᠡᠢ ᠤᠷᠠᠯᠠᠯ ᠤᠨ ᠤᠯᠠᠮᠵᠢᠯᠠᠭᠴᠢ  ᠮᠦᠩᠭᠦᠨᠴᠡᠴᠡᠭ  ᠨᠠᠰᠤᠳᠠᠨ  ᠰᠤᠷᠤᠭᠴᠢᠳ ᠲᠤ  ᠮᠤᠩᠭᠤᠯ  ᠦᠨᠳᠦᠰᠦᠳᠡᠨ ᠤ ᠢᠰᠡᠭᠡᠢ ᠤᠷᠠᠯᠠᠯ ᠤᠨ ᠲᠤᠬᠠᠢ ᠮᠡᠳᠡᠯᠭᠡ ᠮᠡᠳᠡᠴᠡ ᠶ᠋ᠢ ᠤᠯᠠᠮᠵᠢᠯᠠᠭᠰᠠᠨ ᠪᠠᠢᠯ ᠠ᠃ ᠡᠭᠦᠨ ᠤ ᠬᠠᠮᠳᠤ ᠮᠦᠨ ᠴᠤ ᠦᠪᠡᠷᠳᠡᠭᠡᠨ ᠵᠠᠰᠠᠬᠤ ᠤᠷᠤᠨ ᠤ ᠪᠤᠳᠠᠰ ᠤᠨ ᠪᠤᠰᠤ ᠰᠤᠶᠤᠯ ᠤᠨ ᠤᠯᠠᠮᠵᠢᠯᠠᠭᠴᠢ᠂ ᠲᠤᠰ ᠬᠤᠰᠢᠭᠤᠨ ᠤ ︽ ᠱᠠᠭ ᠠ︾ ᠨᠡᠢᠭᠡᠮᠯᠢᠭ ᠤᠨ  ᠲᠠᠷᠤᠭ ᠠ  ᠲᠦᠳᠦᠪ ᠨᠠᠰᠤᠳᠠᠨ ᠡᠴᠠ ᠰᠤᠷᠤᠭᠴᠢᠳ ᠲᠤ ᠱᠠᠭ ᠠ ᠨᠠᠭᠠᠳᠤᠮ ᠤᠨ ᠨᠠᠭᠠᠳᠬᠤ ᠠᠷᠭ ᠠ ᠶ᠋ᠢ ᠲᠠᠢᠯᠪᠤᠷᠢᠯᠠᠵᠤ ᠦᠭᠭᠦᠭᠰᠡᠨ ᠪᠠᠢᠨ ᠠ᠃ ︽ ᠱᠠᠭ ᠠ︾ ᠨᠡᠢᠭᠡᠮᠯᠢᠭ ᠨᠢ ᠪᠠᠢᠭᠤᠯᠤᠭᠳᠠᠭᠰᠠᠨ 10 ᠵᠢᠯ ᠤᠨ ᠲᠤᠷᠰᠢ᠂ ᠨᠢᠭᠡᠨᠳᠡ ᠪᠦᠬᠦ ᠠᠢᠮᠠᠭ ᠤᠨ ᠦᠳᠡᠯᠦᠭᠡ ᠪᠤᠭᠤᠷᠤᠯᠴᠤᠳ ᠵᠠᠯᠠᠭᠤᠴᠤᠳ ᠪᠠᠭᠠᠴᠤᠳ ᠤᠨ ᠲᠤᠷ ᠠ ᠪᠠᠬ ᠠ ᠶ᠋ᠢ ᠲᠠᠳᠠᠭᠰᠠᠨ ᠨᠠᠭᠠᠳᠤᠮ ᠪᠤᠯᠵᠤ᠂  ᠡᠯ ᠠ  ᠵᠤᠢᠯ ᠤᠨ  ᠨᠠᠢᠷ  ᠨᠠᠭᠠᠳᠤᠮ ᠳ᠋ᠤ  ᠮᠦᠷᠦᠢᠢᠴᠡᠨ  ᠤᠷ ᠠ ᠤᠬᠠᠭᠠᠨ ᠢᠶᠡᠨ  ᠰᠢᠪᠬᠠᠬᠤ  ᠪᠤᠯᠵᠠᠢ᠃  ᠨᠠᠩ  ᠪᠠᠶᠠᠷᠯᠠᠭᠤᠰᠢᠳᠠᠢ ᠨᠢ  ︽ ᠱᠠᠭ ᠠ︾  ᠰᠤᠶᠤᠯ ᠨᠢ  ᠰᠤᠷᠭᠠᠭᠤᠯᠢ ᠶ᠋ᠢᠨ ᠬᠦᠷᠢᠶᠠᠨ ᠳ᠋ᠤ ᠤᠷᠤᠵᠤ᠂ ᠲᠤᠰᠬᠠᠢ ᠵᠢᠭᠠᠬᠤ ᠮᠡᠲᠸᠷᠢᠶᠠᠯ ᠲᠠᠢ ᠪᠤᠯᠤᠭᠰᠠᠨ ᠪᠢᠯᠠ᠃         ᠠᠵᠤ ᠠᠬᠤᠢ ᠨᠡᠢᠭᠡᠮ ᠤᠨ ᠬᠦᠭᠵᠢᠯᠳᠡ ᠶ᠋ᠢ ᠲᠠᠭᠠᠯᠳᠤᠨ ᠰᠢᠯᠢ ᠶ᠋ᠢᠨ ᠭᠤᠤᠯ ᠠᠢᠮᠠᠬ ᠤᠨ  ᠡᠯ ᠠ  ᠬᠤᠰᠢᠭᠤᠨ ᠤ ᠬᠢᠨ ᠴᠤ ᠪᠤᠳᠠᠰ ᠤᠨ ᠪᠤᠰᠤ ᠰᠤᠶᠤᠯ ᠤᠨ ᠦᠪ ᠢᠶᠡᠨ ᠬᠠᠮᠠᠭᠠᠯᠠᠨ  ᠤᠯᠠᠮᠵᠢᠯᠠᠬᠤ  ᠤᠬᠠᠮᠰᠠᠷ ᠨᠢ  ᠴᠢᠩᠭᠠᠳᠴᠤ᠂  ᠦᠷ ᠠ  ᠬᠤᠢᠴᠢᠰ ᠲᠠᠭᠠᠨ ᠤᠯᠠᠮᠵᠢᠯᠠᠵᠤ ᠠᠮᠢᠯᠠᠭᠤᠯᠵᠤ ᠪᠠᠢᠨ ᠠ᠃

 

 

 

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠦᠪᠦᠷ ᠮᠤᠩᠭ᠋ᠤᠯ  ᠤᠨ ᠳᠡᠯᠡᠬᠡᠢ ᠮᠡᠳᠡᠭᠡ ᠵᠠᠩᠬᠢ ᠮᠡᠷᠭᠡᠵᠢᠯ  ᠤᠨ ᠬᠢᠵᠠᠭᠠᠷᠲᠦ ᠺᠤᠮᠫᠠᠨᠢ  ᠡᠴᠡ ᠮᠡᠷᠭᠡᠵᠢᠯ ᠬᠠᠩᠭ᠋ᠠᠪᠠ
蒙ICP备12003062号