ᠲᠡᠦᠬᠡ ᠰᠣᠶᠤᠯ
ᠰᠤᠶᠤᠯ ᠢᠶᠡᠨ ᠳᠡᠭᠡᠳᠦᠯᠡᠭᠰᠡᠨ ᠰᠦᠨᠢᠳ ᠮᠦᠽᠸᠢ 
2016.10.18 ᠲᠣᠰ ᠥᠷᠲᠡᠭᠡᠨ ᠦ ᠨᠠᠢᠷᠠᠭᠤᠯᠤᠭᠴᠢ

 

                    ᠤᠷᠳᠤᠨᠠᠰᠤᠳᠤ ᠪᠤᠶᠠᠨᠳᠦ ᠪᠠᠶᠠᠷᠴᠡᠩᠭᠡᠯ

          ᠰᠦᠨᠢᠳ ᠵᠡᠭᠦᠨ ᠬᠤᠰᠢᠭᠤᠨ ᠤ  ᠲᠦᠪ  ᠮᠠᠨᠳᠠᠯᠳᠤ  ᠪᠠᠯᠭᠠᠰᠤᠨ ᠳ᠋ᠤ  ᠬᠦᠷᠬᠦ ᠳ᠋ᠤ  ᠰᠢᠨᠡᠬᠡᠨ  ᠰᠠᠶ᠋ᠢᠬᠠᠨ᠂  ᠰᠦᠷᠯᠢᠭ ᠦᠵᠡᠮᠵᠢ  ᠪᠦᠬᠦᠢ  ᠪᠠᠷᠢᠯᠭ᠎ᠠ  ᠪᠢᠳᠡᠨ ᠤ  ᠬᠠᠷᠠᠭᠠᠨ ᠳ᠋ᠤ  ᠦᠷᠳᠦᠵᠦ  ᠪᠢᠯᠡ᠃  ᠵᠠᠮᠴᠢᠯᠠᠵᠤ  ᠶᠠᠪᠤᠬᠰᠠᠨ  ᠰᠦᠨᠢᠳ  ᠵᠡᠭᠦᠨ ᠬᠤᠰᠢᠭᠤᠨ ᠤ ᠤᠬᠠᠭᠤᠯᠬᠤ ᠬᠡᠯᠳᠡᠰ ᠤᠨ ᠬᠠᠷᠢᠭᠤᠴᠠᠯᠭᠠᠳᠠᠨ ᠡᠴᠠ ᠡᠨᠡ ᠪᠤᠯ ᠰᠢᠨ᠎ᠡ ᠪᠠᠷ ᠪᠠᠶ᠋ᠢᠭᠤᠯᠤᠬᠰᠠᠨ ᠰᠦᠨᠢᠳ  ᠮᠦᠽᠧᠢ ᠪᠤᠯᠤᠨ᠎ᠠ ᠭᠡᠵᠦ ᠪᠢᠳᠡᠨ ᠳ᠋ᠤ ᠲᠠᠨᠢᠯᠴᠠᠭᠤᠯᠤᠯ᠎ᠠ᠃         ᠨᠡᠯᠢᠶᠡᠳ ᠬᠤᠰᠢᠭᠤ ᠠᠶ᠋ᠢᠮᠠᠭ ᠢᠶᠠᠷ ᠰᠤᠷᠪᠤᠯᠵᠢᠯᠠᠵᠤ ᠶᠠᠪᠤᠬᠰᠠᠨ  ᠴᠦ  ᠡᠶ᠋ᠢᠮᠦᠷᠬᠦ  ᠰᠦᠷᠯᠢᠭ  ᠰᠠᠶ᠋ᠢᠬᠠᠨ  ᠮᠦᠽᠧᠢ ᠲᠠᠢ ᠴᠦᠬᠡᠨ ᠲᠠᠭᠠᠷᠠᠵᠤ ᠪᠢᠯᠡ᠃ ᠨᠢᠬᠡ ᠬᠤᠰᠢᠭᠤ ᠨᠢ  ᠥᠪᠡᠷ ᠤᠨ  ᠰᠤᠶᠤᠯ ᠢᠶᠡᠨ  ᠢᠩᠬᠢᠵᠦ  ᠬᠦᠨᠳᠦᠳᠬᠡᠨ  ᠦᠵᠡᠵᠦ᠂  ᠶᠡᠭᠡ ᠬᠡᠮᠵᠢᠶᠡᠨ ᠤ ᠪᠡᠯᠡ ᠮᠦᠩᠬᠦ ᠵᠠᠷᠤᠴᠠᠭᠤᠯᠵᠤ ᠥᠪᠡᠷ ᠤᠨ ᠤᠯᠠᠮᠵᠢᠯᠠᠯᠳᠤ ᠰᠠᠶ᠋ᠢᠬᠠᠨ ᠰᠤᠶᠤᠯ ᠢᠶᠡᠨ ᠦᠶ᠎ᠡ ᠶ᠋ᠢᠨ ᠦᠶ᠎ᠡ ᠦᠷ᠎ᠡ ᠶ᠋ᠢᠨ ᠦᠷ᠎ᠡ ᠳ᠋ᠤ ᠤᠯᠠᠮᠵᠢᠯᠠᠨ ᠮᠡᠳᠡᠬᠦᠯᠬᠦ ᠪᠠᠷ ᠮᠦᠽᠧᠢ ᠳ᠋ᠤ ᠤᠷᠤᠭᠤᠯᠤᠬᠰᠠᠨ ᠨᠢ ᠮᠠᠨᠤᠰ ᠤᠨ ᠰᠡᠳᠬᠢᠯ ᠤᠨ ᠬᠦᠪᠴᠢ ᠶ᠋ᠢ ᠡᠷᠬᠡ ᠦᠭᠡᠢ ᠬᠦᠨᠳᠡᠭᠰᠡᠨ ᠶᠤᠮ᠃ ᠲᠣᠰ ᠮᠦᠽᠧᠢ ᠶ᠋ᠢᠨ ᠭᠤᠷᠪᠠᠨ  ᠳᠠᠪᠬᠤᠷᠭ᠎ᠠ ᠶ᠋ᠢᠨ  ᠠᠷᠪᠠᠨ  ᠬᠤᠶᠠᠷ  ᠳᠡᠯᠭᠡᠨ  ᠦᠵᠡᠬᠦᠯᠬᠦ  ᠳᠢᠩᠬᠢᠮ ᠳ᠋ᠤ ᠰᠦᠨᠢᠳ ᠤᠨ ᠳᠡᠦᠭᠡ ᠡᠴᠠ ᠠᠪᠤᠭᠠᠳ  ᠲᠠᠮᠠᠭᠠᠨ  ᠰᠤᠶᠤᠯ᠂  ᠳᠡᠭᠡᠰᠦᠨ  ᠰᠤᠶᠤᠯ  ᠭᠡᠳ  ᠮᠠᠯᠵᠢᠬᠤ  ᠠᠮᠢᠳᠤᠷᠠᠯ ᠤᠨ  ᠡᠳᠦᠷ ᠳᠤᠳᠤᠮ ᠤᠨ ᠭᠡᠷᠡᠭᠯᠡᠭᠡᠨ ᠤ ᠵᠦᠢᠯᠡᠰ ᠢ ᠳᠡᠯᠭᠡᠨ ᠦᠵᠡᠬᠦᠯᠵᠦ ᠪᠠᠶ᠋ᠢᠭ᠎ᠠ ᠨᠢ ᠦᠭᠡᠷ᠎ᠡ  ᠪᠤᠰᠤᠳ  ᠮᠦᠽᠸᠢ ᠡᠴᠠ  ᠤᠨᠴᠠᠯᠠᠭᠳᠠᠨ᠎ᠠ ᠪᠢᠯᠡ᠃         ᠳᠠᠨᠢᠪᠠᠰᠦ ᠵᠤᠬᠢᠬᠤ ᠳᠠᠮᠠᠭᠠᠨ ᠰᠤᠶᠤᠯ         ᠳᠠᠮᠠᠭ᠎ᠠ ᠭᠡᠵᠦ ᠮᠤᠩᠭᠤᠯᠴᠤᠳ ᠤᠨ ᠡᠷᠳᠡ ᠲᠡᠭᠡᠳᠦ ᠡᠴᠠ ᠪᠠᠨ  ᠦᠪᠯᠡᠵᠦ  ᠢᠷᠡᠭᠰᠡᠨ  ᠤᠤᠭᠠᠯ  ᠰᠤᠶᠤᠯ  ᠪᠤᠯᠬᠤ ᠶᠤᠮ᠃ ᠳᠠᠮᠠᠭ᠎ᠠ ᠨᠢ ᠶᠡᠭᠡ ᠡᠷᠳᠡᠨ ᠤ ᠤᠪᠤᠭ ᠤᠨ ᠳᠠᠮᠠᠭᠠᠨ ᠡᠴᠠ ᠢᠷᠡᠯᠳᠠᠢ ᠭᠡᠵᠦ ᠡᠷᠳᠡᠮᠳᠡᠳ  ᠰᠠᠨᠠᠯ  ᠨᠢᠭᠡᠳᠠᠢ  ᠦᠵᠡᠳᠡᠭ᠃ ᠠᠩᠬ᠎ᠠ ᠡᠬᠢᠨ ᠳ᠋ᠡᠭᠡᠨ ᠤᠪᠤᠭ ᠠᠶ᠋ᠢᠮᠠᠭ ᠤᠨ ᠪᠡᠯᠭᠡᠳᠡᠯ ᠰᠢᠳᠦᠬᠡᠨ  ᠪᠤᠯᠵᠤ  ᠪᠠᠶ᠋ᠢᠬᠰᠠᠨ ᠢᠶᠡᠨ  ᠰᠡᠭᠦᠯᠡᠷ ᠨᠢ  ᠤᠪᠤᠭ  ᠤᠬᠰᠠᠭ᠎ᠠ᠂ ᠬᠤᠪᠢ ᠶ᠋ᠢᠨ ᠡᠳ᠋ ᠬᠦᠷᠦᠩᠭᠡ ᠶ᠋ᠢᠨ ᠦᠮᠴᠢ ᠳᠡᠮᠳᠡᠭ ᠪᠤᠯᠤᠨ ᠤᠯᠠᠷᠢᠨ ᠬᠤᠪᠢᠰᠴᠦ᠂ ᠰᠡᠭᠦᠯᠳᠡᠵᠦ  ᠢᠷᠡᠭᠡᠳ  ᠮᠠᠯ  ᠮᠠᠯᠵᠢᠯ ᠤᠨ ᠡᠭᠦᠰᠦᠯ ᠬᠦᠭᠵᠢᠯ ᠢ ᠳᠠᠭᠠᠯᠳᠤᠨ ᠨᠡᠭᠦᠳᠡᠯᠴᠢᠨ ᠦᠨᠳᠦᠰᠦᠳᠡᠨ ᠤ ᠮᠠᠯ ᠤᠨ ᠥᠮᠴᠢ ᠶ᠋ᠢᠨ ᠳᠠᠮᠠᠭᠠᠨ ᠳ᠋ᠤ ᠤᠯᠠᠮᠵᠢᠯᠠᠬᠳᠠᠨ  ᠲᠠᠪᠤᠨ ᠬᠤᠰᠢᠭᠤ ᠮᠠᠯ ᠤᠨ ᠪᠤᠰᠤᠳ ᠤᠨ ᠮᠠᠯ ᠡᠴᠠ ᠢᠯᠭᠠᠬᠳᠠᠬᠤ ᠭᠠᠷ  ᠳᠡᠮᠳᠡᠭ  ᠪᠤᠯᠤᠨ  ᠤᠯᠠᠮᠵᠢᠯᠠᠬᠳᠠᠵᠠᠢ᠃  ᠰᠦᠨᠢᠳᠴᠤᠳ ᠤᠨ ᠦᠪᠯᠡᠨ ᠤᠯᠠᠮᠵᠢᠯᠠᠬᠰᠠᠨ ᠳᠠᠮᠠᠭ᠎ᠠ ᠶ᠋ᠢᠨ ᠬᠡᠯᠪᠡᠷᠢ ᠶᠠᠩᠵᠤ ᠨᠢ  ᠶᠡᠷᠦᠩᠬᠡᠢ ᠳ᠋ᠡᠭᠡᠨ  2600  ᠭᠠᠷᠤᠢ  ᠲᠦᠷᠦᠯ  ᠵᠦᠢᠯ  ᠪᠤᠢ᠃ ᠢᠩᠬᠢᠬᠦ ᠪᠠᠷ ᠢᠶᠡᠨ ᠳᠤᠰ ᠳᠢᠩᠬᠢᠮ ᠨᠢ ᠳᠠᠮᠠᠭ᠎ᠠ ᠶ᠋ᠢᠨ ᠶᠡᠭᠡ ᠴᠢᠭᠤᠯᠭᠠᠨ ᠪᠤᠯᠤᠬᠰᠠᠨ ᠪᠠᠶ᠋ᠢᠳᠠᠭ᠋᠃         ᠳᠡᠭᠡᠳᠤᠰ ᠡᠴᠠ ᠤᠯᠠᠮᠵᠢᠯᠠᠭᠰᠠᠨ ᠳᠡᠭᠡᠰᠦᠨ ᠰᠤᠶᠤᠯ         ᠲᠡᠭᠡᠰᠦ ᠳᠠᠮᠤᠵᠤ ᠤᠶᠠᠵᠤ ᠵᠠᠩᠬᠢᠯᠠᠬᠤ᠂ ᠳᠠᠳᠠᠵᠤ ᠠᠷᠭᠠᠮᠵᠢᠬᠤ ᠠᠷᠭ᠎ᠠ ᠪᠠᠷᠢᠯ ᠨᠢ ᠠᠯᠢ ᠡᠷᠳᠡᠨ ᠡᠴᠠ ᠪᠠᠨ ᠡᠭᠦᠰᠦᠯᠳᠠᠢ ᠪᠠᠶ᠋ᠢᠳᠠᠭ᠋᠃ ᠮᠤᠩᠭᠤᠯᠴᠤᠳ ᠠᠯᠢ ᠡᠷᠳᠡᠨ ᠡᠴᠠ ᠪᠠᠨ ᠨᠡᠭᠦᠳᠡᠯᠯᠡᠨ  ᠠᠮᠢᠳᠤᠷᠠᠵᠤ  ᠢᠷᠡᠭᠰᠡᠨ  ᠪᠤᠯᠬᠤᠷ  ᠳᠡᠭᠡᠰᠦ  ᠳᠠᠳᠠᠯᠠᠭ᠎ᠠ ᠨᠢ ᠮᠤᠩᠭᠤᠯ ᠦᠨᠳᠦᠰᠦᠳᠡᠨ ᠲᠠᠢ ᠰᠠᠯᠤᠰᠢ ᠦᠭᠡᠢ ᠬᠠᠷᠢᠴᠠᠭ᠎ᠠ ᠬᠤᠯᠪᠤᠭ᠎ᠠ ᠲᠠᠢ᠃ ᠡᠨᠡ ᠳᠤᠮᠳᠠ ᠪᠠᠨ ᠲᠡᠭᠡᠰᠦ ᠤᠶᠠᠵᠤ ᠵᠠᠩᠬᠢᠯᠠᠬᠤ ᠠᠷᠭ᠎ᠠ ᠮᠡᠷᠭᠡᠰᠢᠯ ᠨᠢ ᠴᠦ ᠬᠦᠭᠵᠢᠵᠦ ᠬᠤᠪᠢᠷᠠᠨ ᠤᠳᠤ ᠪᠤᠯᠬᠤ ᠳ᠋ᠤ  ᠵᠠᠭᠤᠭᠠᠳ  ᠲᠦᠷᠦᠯ ᠤᠨ  ᠤᠶᠠᠵᠤ  ᠵᠠᠩᠬᠢᠯᠠᠬᠤ  ᠠᠷᠭ᠎ᠠ ᠮᠠᠶᠢᠭ ᠪᠠᠶ᠋ᠢᠵᠤ᠂ ᠰᠦᠨᠢᠳ ᠮᠤᠩᠭᠤᠯᠴᠤᠳ ᠤᠨ ᠳᠤᠳᠤᠷ᠎ᠠ ᠤᠯᠠᠮᠵᠢᠯᠠᠬᠳᠠᠨ ᠵᠠᠯᠭᠠᠮᠵᠢᠯᠠᠬᠳᠠᠵᠤ ᠪᠤᠢ᠁  ᠠᠳᠡ ᠡᠴᠠ  ᠪᠢᠳᠡ ᠮᠤᠩᠭᠤᠯᠴᠤᠳ ᠤᠨ ᠳᠡᠦᠭᠡ ᠶ᠋ᠢᠨ ᠠᠮᠢᠳᠤᠷᠠᠯ ᠲᠠᠢ ︽ ᠵᠤᠭᠤᠭᠳᠠᠵᠦ︾᠂ ᠤᠨ ᠵᠢᠯ ᠤᠨ ᠤᠷᠴᠢᠯ ᠳ᠋ᠤ  ︽ ᠠᠮᠢᠰᠬᠤᠯ  ᠳᠠᠰᠤᠷᠠᠭ᠎ᠠ ᠦᠭᠡᠢ︾ ᠰᠤᠶᠤᠯ ᠤᠨ ᠦᠪ ᠢᠶᠡᠨ ᠤᠶ᠋ᠢᠯᠠᠭᠠᠨ ᠳᠠᠨᠢᠵᠦ ᠶᠠᠪᠤᠯ᠎ᠠ᠃         ᠳᠡᠦᠭᠡ ᠬᠦᠦᠷᠨᠢᠭᠰᠡᠨ ᠬᠠᠳᠠᠨ ᠵᠢᠷᠤᠭ         ᠬᠠᠳᠠᠨ  ᠵᠢᠷᠤᠭ  ᠪᠤᠯ  ᠬᠦᠮᠦᠨ  ᠲᠦᠷᠦᠯᠬᠢᠳᠡᠨ ᠤ  ᠪᠤᠯᠪᠠᠰᠤᠨ ᠤ  ᠪᠠᠰᠠ  ᠨᠢᠬᠡᠨ  ᠢᠯᠡᠷᠡᠯ  ᠪᠠᠶ᠋ᠢᠵᠤ᠂   ᠬᠦᠮᠦᠨ ᠲᠦᠷᠦᠯᠬᠢᠳᠡᠨ ᠤ  ᠠᠮᠢᠳᠤᠷᠠᠯ  ᠦᠢᠯᠳᠪᠦᠷᠢᠯᠡᠯ᠂  ᠤᠶᠤᠨ  ᠤᠬᠠᠨᠠᠨ ᠤ  ᠦᠨᠡᠨ  ᠪᠤᠳᠠᠳᠤ  ᠵᠢᠷᠤᠬᠯᠠᠯ  ᠪᠤᠯᠤᠨ᠎ᠠ᠃   ᠡᠨᠡ ᠳᠤᠳᠤᠷ᠎ᠠ ᠪᠠᠨ ᠵᠡᠭᠦᠨ ᠰᠦᠨᠢᠳ ᠬᠤᠰᠢᠭᠤᠨ ᠳ᠋ᠤ ᠬᠠᠳᠠᠨ ᠵᠢᠷᠤᠭ ᠡᠯᠪᠡᠭ ᠬᠠᠷᠠᠬᠳᠠᠵᠤ᠂ ᠳᠤᠭᠤᠨᠤᠳᠤ ᠡᠴᠠ ᠪᠤᠳᠠᠷ  ᠬᠦᠷᠳᠡᠯᠡᠬᠢ ᠵᠠᠭᠤ ᠭᠠᠷᠤᠢ ᠺᠢᠯᠦᠮᠧᠲᠷ ᠤᠨ ᠬᠡᠪᠴᠢᠶᠡᠨ ᠳ᠋ᠤ  ᠳᠠᠷᠬᠠᠵᠤ᠂  ᠳᠤᠭ᠎ᠠ  ᠬᠡᠮᠵᠢᠶ᠎ᠡ ᠨᠢ  ᠬᠡᠳᠦᠨ  ᠮᠢᠩᠭᠠᠨ  ᠰᠢᠷᠭᠡᠭ ᠢ  ᠳᠠᠪᠠᠨ᠎ᠠ᠃ ᠲᠡᠬᠦᠨ ᠤ ᠪᠦᠳᠦᠭᠡᠭᠳᠡᠭᠰᠡᠨ ᠴᠠᠭ ᠨᠢ ᠦᠨᠳᠦᠰᠦᠨ ᠳ᠋ᠡᠭᠡᠨ ᠬᠠᠭᠤᠴᠢᠨ ᠴᠢᠯᠠᠭᠤᠨ ᠵᠡᠪᠰᠡᠭ ᠤᠨ ᠰᠡᠬᠦᠯᠴᠢ  ᠦᠶ᠎ᠠ ᠡᠴᠠ  ᠡᠬᠢᠯᠡᠨ ᠭᠡᠳᠦᠨ ᠳᠦᠮᠡᠨ ᠵᠢᠯ ᠤᠨ ᠬᠦᠮᠦᠨ ᠳᠦᠷᠦᠯᠬᠢᠳᠡᠨ ᠤ ᠠᠮᠢᠳᠤᠷᠠᠯ ᠬᠦᠭᠵᠢᠯ ᠤᠨ ᠱᠠᠳᠦ ᠦᠶ᠎ᠠ ᠶ᠋ᠢ ᠪᠠᠭᠳᠠᠭᠠᠨ᠎ᠠ᠃ ᠡᠳᠡᠭᠡᠷ ᠬᠠᠳᠠᠨ ᠵᠢᠷᠤᠭ ᠤᠨ ᠳᠤᠰᠬᠠᠭᠰᠠᠨ  ᠠᠭᠤᠯᠭ᠎ᠠ  ᠦᠷᠭᠡᠨ  ᠳᠡᠯᠭᠡᠷ  ᠪᠠᠶ᠋ᠢᠵᠦ᠂  ᠵᠡᠷᠯᠢᠭ  ᠠᠷᠢᠶᠠᠳᠠᠨ  ᠠᠮᠢᠳᠠᠨ᠂  ᠭᠡᠷ ᠤᠨ  ᠳᠡᠵᠢᠭᠡᠪᠤᠷᠢ ᠬᠠᠷᠢᠭᠤᠯᠵᠦ ᠪᠠᠶ᠋ᠢᠭ᠎ᠠ ᠪᠠᠶ᠋ᠢᠳᠠᠯ᠂  ᠳᠠᠯ᠎ᠠ  ᠨᠤᠳᠤᠭ ᠤᠨ  ᠦᠨᠳᠦᠰᠦᠳᠡᠨ ᠤ  ᠠᠵᠦ  ᠠᠮᠢᠳᠤᠷᠠᠯ ᠤᠨ  ᠪᠠᠶ᠋ᠢᠳᠠᠯ  ᠵᠡᠷᠭᠡ  ᠤᠯᠠᠨ ᠳᠠᠯ᠎ᠠ ᠶ᠋ᠢᠨ ᠠᠭᠤᠯᠭ᠎ᠠ ᠶ᠋ᠢ ᠪᠠᠭᠳᠠᠭᠠᠵᠠᠢ᠃ ᠲᠡᠳᠡᠭᠡᠷ ᠤᠨ ᠤᠷᠠᠯᠠᠵᠤ ᠪᠦᠲᠦᠭᠡᠭᠳᠡᠭᠰᠡᠨ  ᠠᠷᠭ᠎ᠠ  ᠪᠠᠷᠢᠯ ᠨᠢ  ᠴᠦᠴᠡᠲᠡᠨ  ᠰᠡᠢᠯᠬᠦ᠂ ᠲᠦᠷᠦᠨ ᠬᠤᠡᠭᠬᠤᠢᠯᠠᠬᠤ᠂ ᠵᠠᠭᠪᠤᠷᠴᠢᠯᠠᠨ ᠰᠠᠢᠯᠬᠦ ᠵᠡᠷᠭᠡ  ᠬᠡᠯᠪᠡᠷᠢ ᠳ᠋ᠤ  ᠬᠠᠷᠢᠶᠠᠯᠠᠭᠳᠠᠵᠤ᠂  ᠲᠤᠪᠴᠢ  ᠲᠤᠳᠤᠷᠠᠭᠤᠨ  ᠬᠤᠷᠴᠨ ᠪᠤᠯᠪᠠᠰᠤᠷᠠᠡᠭᠭᠤᠢ᠂ ᠠᠮᠢᠳᠦ ᠲᠦᠷᠰᠦᠯᠢᠭ ᠤᠷᠠᠨ ᠰᠡᠳᠬᠢᠮᠵᠢ ᠪᠠᠷ ᠢᠶᠡᠨ ᠤᠨᠴᠠᠯᠠᠭᠳᠠᠳᠠᠭ ᠶᠤᠮ᠃ ᠰᠦᠨᠢᠳ ᠬᠠᠳᠠᠨ  ᠵᠢᠷᠤᠭ ᠤᠨ ᠤᠨᠴᠠᠯᠢᠭ ᠲᠤᠪᠤᠢᠮ᠎ᠠ᠂ ᠴᠠᠭ ᠦᠶ᠎ᠠ ᠶ᠋ᠢᠨ ᠬᠡᠪ ᠰᠢᠨᠵᠢ ᠡᠢᠯᠡ ᠲᠤᠳᠤ ᠪᠦᠭᠡᠳ ᠲᠤᠢᠯ ᠤᠨ  ᠦᠨᠳᠦᠷ  ᠤᠷᠠᠯᠢᠭ ᠤᠨ  ᠦᠨ᠎ᠠ ᠦᠷᠳᠡᠭ ᠪᠠ ᠲᠡᠤᠬᠡ ᠰᠤᠳᠤᠯᠭᠠᠨ ᠤ ᠦᠨ ‍᠎ᠠ ᠦᠷᠳᠡᠭ ᠲᠠᠢ ᠪᠠᠢᠵᠤ᠂ ᠤᠷᠠᠯᠢᠭ ᠲᠤᠷᠠᠰᠬᠠᠯ ᠤᠨ ᠵᠢᠡᠭᠬᠢᠨᠢ ᠪᠦᠭᠡᠳ  ᠠᠪᠤᠭᠠᠳ ᠪᠠᠷᠠᠰᠢ ᠦᠭᠡᠢ ᠡᠷᠳᠡᠨᠢ ᠶ᠋ᠢᠨ ᠰᠠᠡᠭ ᠬᠦᠮᠦᠷᠭᠡ ᠬᠡᠵᠤ  ᠨᠡᠷᠡᠢᠳᠴᠤ  ᠪᠤᠯᠬᠤ ᠪᠠᠷ  ᠪᠠᠷᠠᠬᠤ  ᠦᠭᠡᠢ  ᠬᠦᠮᠦᠨ  ᠲᠦᠷᠦᠯᠬᠢᠲᠡᠨ ᠤ ᠪᠤᠯᠪᠠᠰᠤᠨ ᠰᠤᠶᠤᠯ ᠤᠨ ᠰᠤᠷᠪᠤᠯᠵᠢ ᠲᠤᠷᠠᠰᠬᠠᠯ᠂ ᠲᠠᠯ᠎ᠠ  ᠪᠤᠳᠤᠭ ᠤᠨ  ᠰᠤᠶᠤᠯ ᠤᠨ  ᠬᠡᠷᠡᠯᠳᠦ  ᠬᠦᠰᠢᠶ᠎ᠠ  ᠬᠡᠮᠡᠨ  ᠦᠵᠡᠵᠤ ᠪᠤᠯᠤᠨ᠎ᠠ᠃         ᠰᠦᠨᠢᠳ ᠮᠦᠽᠸᠢ ᠪᠠᠷ ᠳᠤᠭᠤᠷᠢᠨ ᠦᠵᠡᠬᠦ ᠳ᠋ᠤ ᠮᠤᠩᠭᠤᠯᠴᠤᠳ ᠤᠨ ᠦᠶ᠎ᠡ ᠤᠯᠠᠷᠢᠨ ᠤᠯᠠᠮᠵᠢᠯᠡᠨ ᠦᠢᠯᠡᠳᠪᠤᠷᠢᠯᠡᠯ ᠠᠮᠢᠳᠤᠷᠠᠯ ᠳᠠᠭᠠᠨ ᠭᠡᠷᠡᠭᠯᠡᠵᠦ ᠢᠷᠡᠭᠰᠡᠨ ᠵᠦᠢᠯᠡᠰ ᠳᠡᠦᠭᠡ ᠶ᠋ᠢᠨ ᠢᠮ  ᠳᠡᠮᠳᠡᠭ᠂  ᠰᠤᠶᠤᠯᠳᠦ  ᠦᠨᠳᠦᠰᠦᠳᠡᠨ ᠤ  ᠮᠢᠨᠢ  ᠭᠡᠷᠡᠴᠢ ᠪᠤᠯᠤᠨ ᠳᠡᠯᠭᠡᠭᠳᠡᠵᠦ ᠪᠠᠶ᠋ᠢᠭ᠎ᠠ ᠨᠢ ᠰᠡᠳᠬᠢᠯ ᠳ᠋ᠤ  ᠬᠠᠯᠠᠭᠤᠬᠠᠨ  ᠰᠠᠨᠠᠭᠳᠠᠬᠤ  ᠠᠳᠠᠯ᠎ᠠ  ᠭᠡᠭᠡᠭᠳᠡᠨ  ᠤᠷᠬᠢᠬᠳᠠᠵᠦ  ᠪᠠᠶ᠋ᠢᠭ᠎ᠠ ᠶ᠋ᠢ ᠨᠢ ᠦᠵᠡᠨ ᠰᠡᠮᠭᠡᠨ ᠰᠢᠨᠠᠯᠤᠭᠰᠠᠨ ᠨᠢ ᠴᠤ ᠦᠨᠡᠨ᠃ ᠳᠡᠦᠭᠡ ᠶ᠋ᠢᠨ ᠳᠤᠯᠢᠨ ᠳ᠋ᠤ  ᠦᠪᠠᠷ ᠢ ᠪᠠᠨ  ᠳᠤᠯᠢᠳᠠᠨ᠂  ᠮᠤᠩᠭᠤᠯ ᠢᠶᠠᠷ ᠢᠶᠡᠨ ᠪᠠᠶ᠋ᠢᠭᠰᠠᠨ ᠤᠯᠠᠨ ᠵᠦᠢᠯᠡᠰ ᠢᠶᠡᠨ ᠭᠡᠭᠡᠵᠦ ᠤᠷᠬᠢᠨ ᠳᠠᠩᠴᠢ ︽ ᠶᠠᠭᠠᠷᠠᠤ︾ ᠶᠠᠪᠤᠭᠰᠠᠨ ᠢᠶᠡᠨ  ᠡᠷᠬᠢᠨ  ᠰᠠᠨᠠᠬᠤ ᠳ᠋ᠤ  ᠨᠢᠭᠤᠴᠠᠬᠠᠨ ᠭᠤᠨᠢᠭ ᠴᠤᠬᠤᠯᠵᠠᠬᠤ ᠶᠤᠮ᠃ ᠬᠠᠷᠢᠨ ᠬᠦᠮᠦᠨ ᠪᠤᠯᠭᠠᠨ ᠢᠩᠬᠢᠵᠦ ᠰᠤᠶᠤᠯ ᠢᠶᠡᠨ  ᠬᠦᠨᠳᠦᠳᠭᠡᠵᠦ᠂  ᠤᠶ᠋ᠢᠯᠠᠭᠠᠵᠦ᠂  ᠦᠪᠯᠡᠨ ᠶᠠᠪᠤᠳᠠᠭ ᠪᠤᠯ ᠭᠡᠭᠡᠭᠳᠡᠵᠦ ᠤᠷᠬᠢᠭᠳᠠᠭᠰᠠᠨ ᠤᠯᠠᠨ ᠵᠦᠢᠯᠡᠰ ᠢᠶᠡᠨ ᠡᠷᠬᠢᠵᠦ ᠦᠪᠠᠷ ᠤᠨ ᠢᠶᠡᠨ ᠪᠤᠯᠭᠠᠵᠦ ᠪᠤᠯᠤᠨ᠎ᠠ  ᠳ᠋ᠠ  ᠭᠡᠰᠡᠨ ︽ ᠤᠬᠠᠭᠠᠷᠠᠯ︾ ᠰᠡᠳᠬᠢᠯ ᠳ᠋ᠤ ᠪᠠᠭᠤᠵᠦ᠂ ᠬᠠᠷᠠᠩᠭᠤᠢ ᠳ᠋ᠤ ᠳᠦᠭᠡᠷᠢᠭᠰᠡᠨ ᠬᠦᠮᠦᠨ ᠠᠶ᠋ᠢᠯ ᠤᠨ ᠳ᠋ᠧᠩ ᠤᠨ ᠭᠡᠷᠡᠯ ᠬᠠᠷᠠᠭᠰᠠᠨ  ᠰᠢᠭ᠋ ᠳᠤᠳᠤᠷ᠎ᠠ ᠤᠩᠭᠤᠶ᠋ᠢᠵᠦ ᠰᠠᠨᠠᠭ᠎ᠠ ᠳᠠᠶ᠋ᠢᠪᠤᠰᠢᠷᠠᠭᠰᠠᠨ ᠪᠢᠯᠡ᠃  
  


  ᠰᠤᠪᠤᠳ
 ᠦᠪᠦᠷ ᠮᠣᠩᠭᠣᠯ ‍ᠤᠨ ᠡᠳᠦᠷ ‍ᠤᠨ ᠰᠣᠨᠢᠨ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠦᠪᠦᠷ ᠮᠤᠩᠭ᠋ᠤᠯ  ᠤᠨ ᠳᠡᠯᠡᠬᠡᠢ ᠮᠡᠳᠡᠭᠡ ᠵᠠᠩᠬᠢ ᠮᠡᠷᠭᠡᠵᠢᠯ  ᠤᠨ ᠬᠢᠵᠠᠭᠠᠷᠲᠦ ᠺᠤᠮᠫᠠᠨᠢ  ᠡᠴᠡ ᠮᠡᠷᠭᠡᠵᠢᠯ ᠬᠠᠩᠭ᠋ᠠᠪᠠ
蒙ICP备12003062号