ᠲᠡᠦᠬᠡ ᠰᠣᠶᠤᠯ
ᠲᠡᠭᠡᠳᠤ ᠮᠤᠩᠭᠤᠯ ᠤᠨ ᠥᠪᠠᠷᠮᠢᠴᠨ ᠨᠢᠭᠡ ᠰᠤᠶᠤᠯ --- ᠲᠡᠭᠥᠪᠤᠷ
2016.10.18 ᠲᠣᠰ ᠥᠷᠲᠡᠭᠡᠨ ᠦ ᠨᠠᠢᠷᠠᠭᠤᠯᠤᠭᠴᠢ

                              ᠵᠣᠬᠢᠶᠠᠭᠴᠢ ᠄    ᠬᠦᠭᠡ
          ᠲᠡᠭᠡᠳᠤ ᠮᠤᠩᠭᠤᠯᠴᠤᠳ ᠨᠠᠶᠢᠳᠡ ᠮᠤᠩᠭᠤᠯ ᠡᠴᠨ ᠬᠤᠯᠨ ᠵᠠᠶᠢᠳᠠᠭᠤ ᠭᠥᠬᠡᠨᠠᠭᠤᠷ ᠲᠥᠪᠡᠳ ᠤᠨ ᠥᠨᠳᠤᠷᠯᠢᠭ᠌ ᠲᠤ  ᠭᠡᠳᠤᠨ ᠵᠠᠭᠤᠨ ᠵᠢᠯ ᠤᠷᠤᠰᠢᠨ ᠠᠮᠢᠳᠤᠷᠠᠬᠤ ᠳ᠋ᠠᠭᠠᠨ ᠥᠪᠡᠷ ᠤᠨ ᠥᠪᠡᠷᠮᠢᠴᠨ ᠤᠨᠴᠠᠯᠢᠭ ᠲᠠᠢ ᠲᠡᠭᠥᠪᠤᠷ ᠭᠡᠳᠡᠭ ᠨᠢᠭᠡ ᠵᠤᠶᠢᠯ  ᠤᠨ ᠪᠠᠭᠠᠵᠢ ᠶᠢ ᠤᠶᠢᠯᠡᠳᠴᠤ ︵ ᠲᠠᠮᠤᠵᠤ ︶ ᠰᠤᠷᠤᠭᠠᠳ ᠂ ᠮᠠᠯ ᠮᠠᠯᠵᠢᠯ ᠤᠨ ᠤᠶᠢᠯᠡᠳᠪᠤᠷᠢᠯᠡᠯ ᠪᠠ ᠠᠩ ᠠᠩᠨᠠᠯᠭ᠎ᠠ ᠶᠢᠨ  ᠠᠮᠢᠳᠤᠷᠠᠯ ᠳ᠋ᠠᠭᠠᠨ ᠭᠡᠷᠡᠭᠯᠡᠭᠡᠭᠰᠡᠭᠡᠷ ᠢᠷᠡᠵᠠᠢ ᠃ ᠲᠡᠭᠥᠪᠤᠷ ᠭᠡᠳᠡᠭ ᠪᠤᠯ ᠮᠠᠯᠴᠢᠨ ᠮᠠᠯ ᠬᠠᠷᠢᠭᠤᠯᠬᠤ ᠳ᠋ᠠᠭᠠᠨ ᠭᠡᠷᠡᠭᠯᠡᠳᠡᠭ  ᠬᠢᠯᠭᠠᠰᠤ ᠪᠤᠶᠤ ᠨᠤᠤᠰᠤ ᠪᠠᠷ ᠲᠠᠮᠤᠵᠤ ᠭᠢᠭᠰᠡᠨ ᠴᠢᠯᠠᠭᠤ ᠰᠢᠳᠡᠳᠡᠭ ᠨᠢᠭᠡᠨ ᠵᠤᠶᠢᠯ ᠤᠨ ᠪᠠᠭᠠᠵᠢ ᠪᠤᠯᠤᠨ᠎ᠠ ᠃         ︽ ᠲᠡᠭᠥᠪᠤᠷ ︾ ᠭᠡᠳᠡᠭ ᠥᠭᠡ ᠶᠢᠨ ᠲᠤᠬᠠᠢ ᠬᠤᠶᠠᠷ ᠵᠤᠶᠢᠯ ᠤᠨ ᠬᠡᠯᠡᠯᠭᠡ ᠪᠤᠢ ᠃ ᠨᠢᠭᠡ ᠬᠡᠯᠡᠯᠭᠡ ᠨᠢ ᠭᠡᠪᠠᠯ ᠂ ᠲᠡᠭᠥᠪᠤᠷ  ‍ᠢ ᠭᠡᠷᠡᠭᠯᠡᠭᠥ ᠳ᠋ᠡᠭᠡᠨ ᠬᠠᠮᠢᠶ᠎ᠠ ᠨᠠᠮᠢᠶ᠎ᠠ ᠥᠬᠡᠢ ᠴᠢᠯᠠᠭᠤ ᠪᠤᠯᠭᠠᠨ ᠢ ᠭᠡᠷᠡᠭᠯᠡᠳᠡᠭ ᠪᠢᠰᠢ ᠂ ᠬᠠᠷᠢᠨ ᠲᠤᠰᠬᠠᠢ ᠮᠥᠭᠥᠯᠢᠭ ᠰᠢᠭ  ᠴᠢᠯᠠᠭᠤ ᠲᠡᠭᠥᠵᠤ ᠲᠡᠭᠥᠪᠤᠷᠢᠳᠡᠳᠡᠭ ᠪᠤᠯᠬᠤᠷ ᠂ ︽ ᠲᠡᠭᠥ ︾ ᠭᠡᠳᠡᠭ ᠥᠭᠡᠨ ᠡᠴᠨ ᠢᠷᠡᠯᠳᠡ ᠲᠠᠢ ᠮᠤᠩᠭᠤᠯ ᠥᠭᠡ ᠭᠡᠳᠡᠭ ᠃  ᠨᠥᠭᠥᠭᠡ ᠨᠢᠭᠡ ᠬᠡᠯᠡᠯᠭᠡ ᠨᠢ ᠬᠡᠪᠠᠯ ᠂ ︽ ᠳ᠋ᠥᠺᠥᠷ ︾ ᠭᠡᠳᠡᠭ ᠥᠭᠡ ᠭᠠᠷᠤᠯᠳᠠᠢ ᠲᠥᠪᠡᠳ ᠥᠭᠡ ᠬᠡᠨ᠎ᠠ ᠃ ︽ ᠳ᠋ᠥᠺᠥᠷ ︾  ᠭᠡᠳᠡᠭ ᠪᠤᠯ ︽ ᠴᠢᠯᠠᠭᠤ ᠰᠢᠳᠡᠭᠥ ︾ ᠭᠡᠰᠡᠨ ᠤᠳᠬ᠎ᠠ ᠲᠠᠢ ᠲᠥᠪᠠᠳ ᠥᠭᠡ ᠪᠤᠯᠠᠢ ᠃         ᠲᠡᠭᠥᠪᠤᠷ ᠢ ᠲᠡᠮᠤᠵᠤ ᠬᠢᠭᠥ ᠠᠷᠭ᠎ᠠ ᠨᠢ ᠲᠤᠩ ᠲᠥᠭᠥᠮᠭᠡᠨ ᠪᠠᠶᠢᠳᠠᠭ ᠃ ᠬᠤᠶᠠᠷ ᠮᠸᠲ᠋ᠷ ᠬᠢᠷᠢᠳᠡᠢ ᠲᠡᠭᠡᠰᠤ ᠶᠢ ᠲᠠᠮᠤᠵᠤ ᠂  ᠲᠡᠭᠥᠨ ᠵᠶ᠋ᠡᠨ ᠲᠠᠪᠬᠤᠷᠯᠠᠵᠤ ᠤᠶᠤᠨ᠎ᠠ ᠃ ᠪᠠᠷᠠᠭᠤᠨ ᠥᠵᠤᠭᠥᠷ ᠲᠤᠨᠢ ᠭᠤᠭᠴᠤᠭ᠎ᠠ ᠭᠠᠷᠭᠠᠵᠤ ᠂ ᠲᠤᠮᠳᠠ ᠨᠢ ᠲᠠᠪᠠᠭ ᠭᠠᠷᠭᠠᠨ ᠂  ᠵᠡᠭᠥᠨ ᠲᠠᠯ᠎ᠠ ᠳ᠋ᠤᠨᠢ ᠥᠵᠤᠭᠥᠷ ᠭᠠᠷᠭᠠᠨ᠎ᠠ ᠃ ᠲᠠᠪᠠᠭ ᠢ ᠨᠢ ᠪᠥᠷ ᠢᠰᠡᠭᠡᠢ ᠪᠠᠷ ᠬᠢᠳᠡᠭ ᠃ ᠢᠩᠬᠢᠭᠡᠳ ᠪᠠᠷᠠᠭᠤᠨ ᠲᠠᠯ᠎ᠠ ᠶᠢᠨ  ᠭᠤᠭᠴᠤᠭ᠎ᠠ ᠪᠤᠯᠤᠨ ᠵᠡᠭᠥᠨ ᠲᠠᠯ᠎ᠠ ᠶᠢᠨ ᠥᠵᠤᠭᠥᠷ ᠢ ᠨᠢ ᠥᠩᠭᠡ ᠪᠥᠷᠢ ᠶᠢᠨ ᠭᠬᠢᠪ ᠲᠤᠷᠭ᠎ᠠ ᠪᠠᠷ ᠵᠠᠰᠠᠨ ᠴᠢᠮᠡᠵᠤ ᠤᠶᠤᠪᠠᠯ  ᠲᠡᠭᠥᠪᠤᠷ ᠪᠤᠯᠴᠢᠬᠠᠭᠰᠠᠨ ᠨᠢ ᠲᠡᠷᠨ ᠃ ᠲᠡᠭᠥᠪᠤᠷ ᠢ ᠲᠡᠭᠥᠪᠤᠷᠳᠡᠭᠥ ᠭᠥᠮᠤᠨ ᠨᠢ ᠬᠡᠷᠪᠠ ᠭᠥᠴᠤ ᠲᠤᠷᠪᠢ ᠰᠠᠶᠢᠳᠠᠢ ᠪᠤᠯ ᠴᠢᠯᠠᠭᠤ ᠵᠢ  ᠪᠠᠷᠤᠭ 100  200 ᠮᠸᠲ᠋ᠷ ᠬᠤᠯᠨ ᠰᠢᠳᠠᠨ ᠶᠠᠪᠤᠭᠤᠯᠵᠤ ᠴᠢᠳᠠᠨ᠎ᠠ ᠃   ᠲᠡᠭᠥᠪᠤᠷ ᠢ ᠮᠠᠯ ᠳ᠋ᠤ ᠭᠡᠷᠡᠭᠯᠡᠭᠥ ᠳ᠋ᠡᠭᠡᠨ ᠰᠥᠷᠤᠭ᠌  ᠤᠨ ᠲᠥᠷᠤᠭᠥᠪᠴᠢ ᠪᠤᠶᠤ ᠰᠥᠷᠤᠭ᠌ ᠡᠴᠨ ᠪᠠᠨ ᠰᠠᠯᠤᠭᠰᠠᠨ ᠶᠠᠪᠤᠭᠤᠯ ᠮᠠᠯ ᠢ ᠥᠷᠭᠥᠬᠡᠵᠤ ᠠᠶᠤᠯᠭᠠᠬᠤ ᠪᠠ ᠰᠥᠷᠤᠭ᠌ ᠢᠶᠠᠨ  ᠬᠤᠮᠢᠵᠤ ᠴᠤᠭᠯᠠᠭᠤᠯᠬᠤ ᠵᠤᠷᠢᠯᠭ᠎ᠠ ᠪᠠᠷ ᠭᠡᠷᠡᠭᠯᠡᠳᠡᠭ ᠃ ᠮᠠᠯ ᠢ ᠲᠡᠭᠥᠪᠤᠷᠳᠡᠭᠥ ᠳ᠋ᠡᠭᠡᠨ ᠲᠤᠮᠤ ᠴᠢᠯᠠᠭᠤ ᠬᠡᠷᠡᠭᠯᠡᠭᠥ ᠶᠢ ᠴᠡᠭᠡᠷᠯᠡᠵᠤ ᠂  ᠵᠢᠵᠢᠭ ᠴᠢᠯᠠᠭᠤ ᠪᠤᠶᠤ ᠬᠠᠳᠠᠭᠤ ᠰᠢᠪᠠᠷ ᠢᠶᠠᠷ ᠲᠡᠭᠥᠪᠤᠷᠳᠡᠵᠤ ᠂ ᠮᠠᠯ ᠢ ᠬᠡᠮᠳᠤᠭᠡᠭᠥ ᠡᠴᠨ ᠬᠢᠴᠢᠶᠡᠳᠡᠭ ᠃ ᠲᠡᠭᠥᠪᠤᠷ ᠢ ᠵᠥᠪᠬᠡᠨ  ᠢᠮᠠᠭᠠᠴᠢᠨ ᠂  ᠬᠤᠨᠢᠴᠢᠨ ᠂ ᠥᠭᠡᠷᠴᠢᠨ ᠭᠡᠷᠡᠭᠯᠡᠭᠥ ᠡᠴᠨ ᠪᠢᠰᠢ ᠂ ᠠᠳᠤᠭᠤᠴᠢᠨ ᠂ ᠲᠡᠮᠡᠬᠡᠴᠢᠨ ᠭᠡᠷᠡᠭᠯᠡᠭᠥ ᠶᠤᠰᠤ ᠥᠬᠡᠢ ᠶᠤᠮ ᠃  ᠲᠡᠭᠥᠪᠤᠷ ᠢ ᠶᠡᠷᠤᠩᠬᠢ ᠳ᠋ᠡᠭᠡᠨ ᠪᠥᠰᠠᠳᠡᠢ ᠭᠥᠮᠤᠨ ᠭᠡᠷᠡᠭᠯᠡᠳᠡᠭ ᠪᠥᠭᠡᠳ ᠥᠷᠭᠥᠯᠵᠢ ᠪᠥᠰᠡᠨ ᠳ᠋ᠡᠭᠡᠨ ᠵᠡᠭᠥᠵᠤ ᠶᠠᠪᠤᠳᠠᠭ ᠃ ᠲᠡᠷᠨ  ᠨᠢ ᠪᠠᠰᠠᠴᠤ ᠢᠮᠠᠭᠠᠴᠢᠨ ᠂ ᠬᠤᠨᠢᠴᠢᠨ ᠂ ᠥᠭᠡᠷᠴᠢᠨ ᠤ ᠨᠢᠭᠡ ᠵᠤᠶᠢᠯ ᠤᠨ ᠵᠠᠰᠠᠯ ᠴᠢᠮᠡᠭ ᠪᠤᠶᠤ ᠪᠡᠯᠭᠡ ᠲᠡᠮᠳᠡᠭ ᠪᠤᠯᠵᠤ ᠪᠠᠶᠢᠳᠠᠭ ᠃          ᠲᠡᠭᠥᠪᠤᠷ ᠨᠢ ᠡᠷᠳᠠ ᠥᠶ᠎ᠠ ᠳ᠋ᠤ ᠨᠤᠮᠤ ᠰᠠᠭᠠᠳᠠᠭ ᠲᠠᠢ ᠠᠳᠠᠯᠢ ᠠᠩ ᠠᠪᠠ ᠬᠢᠭᠥ ᠂ ᠠᠷᠢᠶᠠᠳᠠᠨ ᠠᠮᠢᠳᠠᠨ ᠡᠴᠨ ᠪᠠᠶ᠎ᠠ ᠪᠠᠨ  ᠬᠠᠮᠠᠭᠠᠯᠠᠬᠤ ᠳ᠋ᠤ ᠬᠡᠷᠡᠭᠯᠡᠭᠥ ᠨᠢᠭᠡ ᠵᠤᠶᠢᠯ ᠤᠨ ᠵᠠᠪᠰᠠᠭ᠌ ᠪᠠᠶᠢᠵᠠᠢ ᠃ ᠨᠠᠰᠤᠳᠠᠶᠢᠴᠤᠳ ᠤᠨ ᠬᠡᠯᠡᠭᠥ ᠪᠠᠷ ᠂ ᠭᠡᠴᠡᠭᠥᠤ ᠰᠠᠶᠢᠨ  ᠲᠡᠭᠥᠪᠤᠷᠳᠡᠳᠡᠭ ᠭᠥᠮᠤᠨ ᠭᠥᠬᠡ ᠢᠮᠠᠭ᠎ᠠ ︵ ᠶᠠᠩᠬᠢᠷ ᠢᠮᠠᠭ᠎ᠠ ︶ ᠶᠢ ᠴᠤ ᠲᠡᠭᠥᠪᠤᠷᠳᠡᠨ ᠠᠯᠠᠳᠠᠭ ᠪᠠᠶᠢᠭᠰᠠᠨ ᠭᠡᠨ᠎ᠠ ᠃ ᠶᠠᠭᠤ ᠴᠤ  ᠭᠡᠰᠨ ᠲᠠᠷᠪᠠᠭ᠎ᠠ ᠂ ᠲᠠᠤᠯᠠᠢ ᠂ ᠤᠯᠢᠷ ᠵᠡᠷᠭᠡ ᠵᠢᠵᠢᠭ ᠠᠮᠢᠳᠠᠨ ᠵᠢᠭᠥᠷᠳᠡᠨ ᠢ ᠪᠥᠷ ᠠᠯᠠᠵᠤ ᠴᠢᠳᠠᠳᠠᠭ ᠪᠠᠶᠢᠵᠠᠢ ᠃ ᠢᠯᠠᠩᠭᠤᠶ᠎ᠠ ᠫᠤᠤ  ᠵᠡᠪᠰᠠᠭ᠌ ᠥᠭᠡᠢ ᠭᠥᠮᠤᠨ ᠭᠡᠭᠡᠷ᠎ᠠ ᠭᠠᠳᠠᠨ᠎ᠠ ᠶᠠᠪᠤᠵᠤ ᠪᠠᠶᠢᠭᠠᠳ ᠠᠷᠢᠶᠠᠳᠠᠨ ᠠᠮᠢᠳᠠᠨ ᠲᠠᠢ ᠲᠠᠭᠠᠷᠠᠯᠳᠤᠪᠠᠯ ᠲᠡᠭᠥᠪᠤᠷ ᠢᠶᠠᠨ  ᠭᠠᠷᠭᠠᠵᠤ ᠲᠡᠭᠥᠪᠤᠷᠳᠡᠪᠠᠯ ᠭᠡᠭᠡᠷ᠎ᠠ ᠶᠢᠨ ᠠᠷᠢᠶᠠᠳᠠᠨ ᠠᠮᠢᠳᠠᠨ ᠢ ᠠᠶᠤᠯᠭᠠᠨ ᠭᠥᠭᠡᠭᠡᠳᠡᠭ ᠪᠠᠶᠢᠵᠠᠢ ᠃    ᠤᠳᠤ ᠲᠡᠭᠥᠪᠤᠷ ᠨᠢ  ᠬᠡᠳᠤᠶᠢᠪᠠᠷ ᠥᠩᠭᠡᠷᠡᠭᠰᠡᠨ ᠤ ᠤᠯᠠᠨ ᠭᠡᠷᠡᠭᠴᠡᠭᠡᠳᠤ ᠵᠤᠶᠢᠯ ᠤᠨ ᠢᠶᠠᠨ ᠵᠠᠷᠢᠮ ᠤᠶᠢᠯᠡᠳᠤᠯ ᠢ ᠠᠯᠳᠠᠭᠰᠠᠨ ᠪᠤᠯᠪᠠᠴᠤ ᠂ ᠲᠡᠷᠨ ᠨᠢ  ᠨᠢᠭᠡᠨ ᠥᠨᠳᠤᠰᠤᠳᠡᠨ ᠤ ᠰᠤᠶᠤᠯ ᠤᠨ ᠠᠢ ᠶᠢᠨ ᠨᠢᠭᠡ ᠪᠥᠷᠢᠯᠳᠤᠭᠥᠨ ᠪᠤᠯᠤᠭᠰᠠᠨ ᠬᠤᠪᠢ ᠳ᠋ᠤ ᠂ ᠨᠠᠶᠢᠷ ᠨᠠᠭᠠᠳᠤᠮ ᠲᠡᠭᠡᠷ᠎ᠠ ᠲᠠᠮᠢᠷ  ᠤᠨ ᠭᠥᠳᠡᠯᠭᠡᠭᠡᠨ ᠤ ᠨᠢᠭᠡ ᠠᠭᠤᠯᠭ᠎ᠠ ᠨᠢ ᠪᠤᠯᠵᠤ ᠂ ᠵᠠᠯᠠᠭᠤᠴᠤᠳ ᠤᠨ ᠤᠷᠮ᠎ᠠ ᠪᠠᠬ᠎ᠠ ᠶᠢ ᠲᠠᠳᠠᠨ ᠂ ᠬᠤᠯᠨ ᠲᠡᠭᠥᠪᠤᠷᠳᠡᠭᠥ ᠂ ᠫᠠᠢ  ᠲᠡᠭᠥᠪᠤᠷᠳᠡᠭᠥ ᠤᠷᠤᠯᠳᠤᠭᠠᠨ ᠤ ᠵᠤᠶᠢᠯ ᠪᠤᠯᠤᠭᠠᠳ ᠥᠵᠡᠭᠴᠢ ᠤᠯᠠᠨ ᠤ ᠲᠤᠷ᠎ᠠ ᠰᠤᠨᠢᠷᠬᠠᠯ ᠢ ᠶᠡᠭᠡᠳᠡ ᠲᠠᠳᠡᠵᠤ ᠪᠤᠢ ᠃ 
             ᠢᠷᠡᠯᠲᠡ ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠵᠢᠨ ᠰᠦᠯᠵᠢᠶ᠎ᠡ

ᠳᠠᠷᠠᠭᠠᠬᠢ ᠵᠣᠬᠢᠶᠠᠯᠵᠣᠬᠢᠶᠠᠯ ᠦᠭᠡᠢ ᠪᠣᠯᠵᠠᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠦᠪᠦᠷ ᠮᠤᠩᠭ᠋ᠤᠯ  ᠤᠨ ᠳᠡᠯᠡᠬᠡᠢ ᠮᠡᠳᠡᠭᠡ ᠵᠠᠩᠬᠢ ᠮᠡᠷᠭᠡᠵᠢᠯ  ᠤᠨ ᠬᠢᠵᠠᠭᠠᠷᠲᠦ ᠺᠤᠮᠫᠠᠨᠢ  ᠡᠴᠡ ᠮᠡᠷᠭᠡᠵᠢᠯ ᠬᠠᠩᠭ᠋ᠠᠪᠠ
蒙ICP备12003062号