ᠵᠢᠭᠠᠬᠤ ᠶᠢ ᠰᠤᠳᠤᠯᠬᠤ
ᠮᠤᠩᠭᠤᠯ ᠰᠤᠷᠭᠠᠭᠤᠯᠢ ᠨᠤᠭᠤᠳ ᠲᠤ ᠳᠠᠰᠭᠠᠯᠵᠢᠭᠤᠯᠤᠯ ᠤᠨ ᠰᠠᠭᠤᠷᠢᠨ ᠭᠠᠵᠠᠷ ᠪᠠᠢᠢᠭᠤᠯᠪᠠᠯ ᠵᠣᠬᠢᠨ᠎ᠠ
2016.10.17 ᠲᠣᠰ ᠥᠷᠲᠡᠭᠡᠨ ᠦ ᠨᠠᠢᠷᠠᠭᠤᠯᠤᠭᠴᠢ

ᠮᠤᠩᠭᠤᠯ ᠰᠤᠷᠭᠠᠭᠤᠯᠢ ᠨᠤᠭᠤᠳ ᠲᠤ ᠳᠠᠰᠭᠠᠯᠵᠢᠭᠤᠯᠤᠯ ᠤᠨ ᠰᠠᠭᠤᠷᠢᠨ ᠭᠠᠵᠠᠷ ᠪᠠᠢᠢᠭᠤᠯᠪᠠᠯ ᠵᠣᠬᠢᠨ ᠠ
                             ᠠᠮᠤᠷᠬᠡᠰᠢᠭ᠌
    ᠮᠤᠩᠭᠤᠯ ᠦᠨᠳᠤᠰᠤᠳᠠᠨ ᠲᠠᠤᠭᠡᠨ ᠡᠴᠡ ᠪᠠᠨ ᠡᠭᠡ ᠪᠠᠢᠢᠭᠠᠯᠢ ᠲᠠᠢ ᠪᠠᠨ ᠵᠤᠬᠢᠴᠠᠯᠳᠤᠨ᠂  ᠨᠠᠭᠦᠳᠠᠯ ᠮᠠᠯ ᠠᠵᠤ ᠠᠬᠤᠢ ᠪᠠᠷ  ᠰᠠᠭᠤᠷᠢ ᠪᠤᠯᠭᠠᠨ ᠦᠪᠠᠷ ᠤᠨ ᠤᠨᠴᠠᠯᠢᠬ ᠭᠡᠪ ᠨᠠᠮᠪᠠ ᠪᠠᠨ ᠱᠤᠭᠤᠨ ᠪᠦᠳᠤᠭᠡᠭᠰᠡᠨ ᠡᠴᠡ ᠦᠵᠠᠯ ᠰᠠᠨᠠᠭ ᠠ᠂  ᠬᠠᠢᠢᠷ ᠠ ᠰᠡᠳᠬᠢᠯᠭᠡ᠂  ᠦᠢᠯᠠ ᠶᠠᠪᠤᠳᠠᠯ᠂  ᠪᠤᠳᠤᠯ ᠰᠡᠳᠬᠢᠮᠵᠢ ᠬᠢᠭᠡᠳ ᠠᠵᠤ ᠠᠬᠤᠢ᠂  ᠰᠤᠶᠤᠯ᠂ ᠤᠯᠤᠰ ᠲᠦᠷᠤ᠂ ᠴᠡᠷᠢᠭ᠌ ᠲᠠᠢᠢᠨ ᠭᠦᠷᠳᠠᠯ ᠠ ᠴᠦᠮ ᠤᠨᠴᠠᠭᠠᠢ ᠦᠪᠠᠷᠮᠢᠴᠠ ᠲᠠᠯ ᠠ ᠲᠠᠢ ᠮᠦᠷᠳᠡᠭᠡᠨ ᠪᠦᠭᠦᠢᠢᠯᠠ ᠭᠦᠮᠦᠨ ᠲᠦᠷᠤᠯᠬᠢᠳᠠᠨ ᠤ ᠪᠤᠯᠪᠠᠰᠤᠨ ᠤ ᠦᠢᠯᠠᠰ ᠲᠤ ᠤᠨᠴᠠᠭᠠᠢ ᠤᠷᠤᠨ ᠪᠠᠢᠢᠷᠢ ᠲᠠᠢ᠃
     ᠲᠤᠬᠠᠢᠢᠯᠠᠪᠠᠯ ᠤᠯᠠᠷᠢᠯ ᠢ ᠲᠠᠭᠠᠵᠤ ᠨᠠᠭᠦᠳᠠᠯᠯᠠᠨ ᠮᠠᠯᠵᠢᠬᠤ ᠰᠤᠶᠤᠯ ᠪᠤᠯ ᠡᠭᠡ ᠪᠠᠢᠢᠭᠠᠯᠢ᠂  ᠠᠮᠢ ᠠᠬᠤᠢ᠂  ᠮᠠᠯ ᠠᠵᠤ ᠠᠬᠤᠢ ᠵᠢᠨ ᠬᠠᠮᠤᠭ ᠤᠨ ᠰᠤᠳᠤᠨ ᠲᠠᠩᠴᠡᠭᠦᠷᠢᠳᠤ ᠵᠤᠬᠢᠴᠠᠯ ᠮᠦᠨ ᠭᠡᠳᠡᠭ ᠢ ᠡᠩ ᠤᠨ ᠮᠠᠯᠴᠢᠳ ᠡᠴᠡ ᠡᠷᠳᠠᠮᠳᠠᠨ ᠮᠡᠷᠭᠡᠳ ᠤᠨ ᠰᠤᠳᠤᠯᠭᠠᠨ ᠤ ᠦᠷ ᠠ ‍᠊ᠳᠦᠢᠩ ᠭᠦᠷᠳᠠᠯ ᠠ ᠪᠠᠳᠤᠳᠠᠢ ᠨᠤᠳᠠᠯᠠᠵᠠᠢ᠃  ᠲᠠᠷᠠᠭᠠᠯᠠᠪᠠᠯ  ᠤᠯᠤᠰ ᠲᠦᠷᠤ᠂  ᠴᠡᠷᠢᠭ᠌ ᠲᠠᠢᠢᠨ ᠤ ᠲᠠᠯ ᠠ ᠪᠠᠷ ᠦᠨᠳᠤᠰᠤᠳᠠᠨ ᠤ ᠶᠠᠭᠡ ᠨᠢᠭᠡᠳᠤᠯ ᠢ ᠪᠠᠶᠠᠯᠠᠭᠦᠯᠵᠤ᠂ ᠲᠠᠤᠭᠡᠨ ᠳᠤ ᠦᠭᠡᠢ  ᠮᠤᠩᠭᠤᠯ ᠬᠠᠭᠠᠨᠳᠤ ᠲᠦᠷᠤ ᠵᠢᠨ ᠦᠷᠭᠡᠨ ᠠᠭᠤᠳᠠᠮ ᠬᠠᠷᠢᠶ ᠠ ᠨᠤᠳᠤᠬ ᠲᠠᠪᠢᠰᠭᠡᠷ ᠢ ᠡᠵᠠᠮᠰᠢᠨ᠂  ᠠᠷᠠᠯᠵᠢᠶ ᠠ ᠬᠤᠳᠠᠯᠳᠤᠭ ᠠ᠂  ᠰᠤᠶᠤᠯ ᠰᠤᠯᠢᠯᠴᠠᠭᠠᠨ ᠤ ᠲᠠᠯ ᠠ ᠪᠠᠷ ᠭᠦᠭᠵᠢᠯᠳᠠ ᠵᠢ ᠪᠠᠶᠠᠯᠠᠭᠦᠯᠦᠨ ᠤᠷᠳᠤ ᠬᠤᠭᠤᠴᠠᠭᠠᠨ ᠤ ᠬᠠᠭᠠᠨᠳᠤ ᠲᠦᠷᠤ ᠵᠢᠨ ᠮᠠᠨᠳᠤᠯ ᠭᠦᠭᠵᠢᠯ᠂ ᠤᠷᠤᠰᠢᠨ ᠲᠤᠭᠳᠠᠨᠢᠯ ᠢ ᠪᠠᠳᠤᠯᠠᠵᠠᠢ᠃  ᠤᠳᠤᠨ ᠤᠷᠤᠨ ᠤ ᠰᠤᠳᠤᠯᠤᠯ᠂ ᠡᠮᠨᠠᠯᠭᠡ ᠵᠢᠨ ᠤᠬᠠᠭᠠᠨ᠂ ᠲᠤᠭᠠᠨ ᠤ ᠤᠬᠠᠭᠠᠨ᠂ ᠤᠳᠬ ᠠ ᠵᠤᠬᠢᠶᠠᠯ᠂  ᠤᠷᠠᠯᠢᠭ ᠤᠨ ᠡᠯ ᠠ ᠭᠦᠷᠢᠶᠠᠨ ᠳᠤ  ᠬᠠᠷᠢᠴᠠᠩᠭᠤᠢ ᠲᠠᠪᠠᠭᠤᠯᠢᠬ ᠪᠠᠢᠢᠷᠢ ᠵᠢ ᠡᠵᠠᠯᠠᠵᠤ ᠪᠢᠴᠢᠭᠦ ᠳᠤ ᠪᠠᠨ ᠲᠦᠷᠭᠡᠨ᠂  ᠤᠨᠩᠰᠢᠬᠤ ᠳᠤ ᠤᠷᠤᠰᠤᠮ ᠠ᠂  ᠠᠪᠢᠶ ᠠ ᠪᠦᠷᠢᠨ᠂  ᠦᠭᠡᠰ ᠤᠨ  ᠰᠠᠩ ᠵᠢᠠᠷ ᠪᠠᠶᠠᠯᠢᠬ᠂  ᠤᠳᠬ ᠠ ᠰᠠᠨᠠᠭ ᠠ ᠭᠦᠨ ᠲᠠᠯᠳᠠ᠂  ᠰᠤᠷᠬᠤ ᠳᠤ ᠲᠦᠭᠦᠮ᠂  ᠭᠡᠷᠡᠭᠯᠡᠭᠦ ᠳᠤ ᠬᠢᠯᠪᠠᠷ ᠴᠤᠷ ᠤᠨ ᠭᠠᠭᠴᠠ ᠪᠤᠰᠤᠭ ᠠ ᠴᠤᠭᠴᠠᠳᠤ ᠰᠢᠨᠵᠢᠯᠠᠭᠦ ᠤᠬᠠᠭᠠᠨᠴᠢ ᠭᠡᠯᠠ ᠦᠰᠦᠭ ᠢ ᠵᠤᠬᠢᠶᠠᠵᠤ᠂  ᠭᠡᠷ ᠤᠨ ᠰᠤᠷᠭᠠᠯ(ᠡᠵᠢ ᠵᠢᠨ ᠰᠤᠷᠭᠠᠯ᠂  ᠠᠪᠤ ᠵᠢᠨ ᠰᠤᠷᠭᠠᠯ)᠂ ᠡᠵᠠᠨ ᠬᠠᠭᠠᠨ ᠤ ᠪᠢᠯᠢᠭ᠌ ᠰᠤᠷᠭᠠᠯ᠂ ᠡᠷᠳᠠᠮᠳᠠᠨ ᠮᠠᠷᠭᠡᠳ ᠤᠨ ᠬᠤᠷᠴᠠ ᠪᠢᠯᠢᠭ᠌᠂  ᠡᠭᠡᠯ ᠠᠷᠠᠳ ᠤᠨ ᠰᠠᠴᠠᠨ ᠤᠬᠠᠭᠠᠨ ᠁  ᠵᠡᠷᠭᠡ ᠭᠦᠮᠦᠨ ᠮᠦᠰᠤ ᠵᠢᠨ  ᠪᠠᠶᠠᠯᠢᠬ ᠭᠦᠮᠦᠵᠢᠯ ᠤᠨ ᠤᠷᠴᠢᠨ ᠠᠬᠤᠢ ᠵᠢ ᠪᠦᠷᠢᠯᠳᠤᠭᠦᠯᠵᠠᠢ᠃
    ᠲᠠᠭᠡᠷᠡᠭᠢ ᠮᠠᠳᠤ ᠵᠢᠨ ᠪᠤᠰᠤᠳ ᠡᠴᠡ ᠲᠠᠪᠠᠭᠰᠠᠨ ᠪᠤᠳᠤᠯᠭ ᠠ᠂  ᠰᠡᠳᠬᠢᠭᠦᠢ᠂  ᠵᠤᠷᠢᠭ ᠰᠠᠨᠠᠭ ᠠ᠂  ᠬᠠᠢᠢᠷ ᠠ ᠰᠡᠳᠬᠢᠯᠭᠡ᠂  ᠤᠶᠤᠨ ᠤᠬᠠᠭᠠᠨ ᠬᠢᠭᠡᠳ ᠬᠢᠯᠠᠯᠵᠠᠭᠰᠠᠨ ᠲᠠᠤᠭᠡ ᠪᠤᠯ ᠴᠦᠮ ᠡᠭᠡ ᠪᠠᠢᠢᠭᠠᠯᠢ ᠬᠢᠭᠡᠳ ᠭᠦᠮᠦᠨ ᠨᠠᠢᠢᠭᠡᠮ ᠤᠨ ᠵᠤᠬᠢᠴᠠᠯᠳᠤ ᠨᠠᠭᠦᠳᠠᠯ ᠰᠤᠶᠤᠯ ᠤᠨ ᠠᠭᠤᠤ ᠶᠠᠭᠡ ᠦᠷ ᠠ ‍᠊ᠳᠦᠢᠩ ᠭᠡᠵᠤ ᠤᠢᠢᠯᠠᠭᠠᠬᠤ ᠳᠤ ᠪᠤᠷᠤᠭᠤᠳᠬᠤ ᠪᠠᠷ ᠦᠭᠡᠢ᠃  ᠭᠡᠳᠠᠯ ᠠ ᠨᠠᠭᠦᠳᠠᠯ ᠮᠠᠯ ᠠᠵᠤ ᠠᠬᠤᠢ ᠨᠢ ᠰᠠᠭᠤᠷᠢᠰᠢᠯ  ᠮᠠᠯ ᠠᠵᠤ ᠠᠬᠤᠢ ᠪᠤᠯᠤᠨ ᠬᠤᠪᠢᠰᠴᠤ᠂  ᠰᠠᠭᠤᠷᠢᠰᠢᠯ  ᠮᠠᠯ ᠠᠵᠤ ᠠᠬᠤᠢ ᠨᠢ ᠬᠠᠰᠢᠶᠠᠵᠢᠭᠰᠠᠨ ᠮᠠᠯ ᠠᠵᠤ ᠠᠬᠤᠢ ᠪᠤᠯᠤᠨ ᠬᠤᠪᠢᠷᠠᠬᠤ  ᠵᠢᠨ ᠲᠠᠭᠠᠤ ᠮᠠᠯ ᠪᠠᠯᠴᠢᠭᠡᠷ ᠢ ᠠᠮᠠᠷᠠᠭᠤᠯᠵᠤ᠂  ᠮᠠᠯᠴᠢᠳ ᠢ  ᠤᠯᠠᠮᠵᠢᠯᠠᠯᠳᠤ ᠠᠵᠤ ᠠᠬᠤᠢᠢᠯᠠᠯ ᠡᠴᠡ ᠪᠠᠨ  ᠬᠤᠳᠠ ᠵᠢᠨ ᠭᠦᠯᠦᠰᠤᠨ  ᠠᠵᠢᠯᠳᠠᠨ ᠤ ᠡᠩᠨᠡᠭᠡᠨ ᠳᠤ  ᠰᠢᠬᠠᠯᠳᠤᠨ  ᠤᠷᠤᠭᠤᠯᠤᠭᠰᠠᠨ ᠴᠠᠭ ᠲᠤ  ᠵᠢᠭᠠᠰᠤ ᠵᠢ ᠤᠰᠤᠨ ᠡᠴᠡ ᠨᠢ ᠰᠠᠯᠭᠠᠬᠤ ᠦᠭᠡᠢ ᠵᠢᠨ ᠲᠤᠰᠠᠳᠠ ᠠᠷᠭ ᠠ ᠤᠬᠠᠭᠠᠨ ᠰᠦᠪᠡᠭᠴᠢᠯᠠᠭᠦ ᠦᠭᠡᠢ ᠪᠤᠯ ᠮᠠᠨ ᠤ ᠮᠤᠩᠭᠤᠯ ᠰᠤᠶᠤᠯ ᠰᠠᠯᠬᠢᠨ ᠳᠤ ᠭᠡᠢᠢᠰᠦᠭᠰᠡᠨ ᠬᠠᠮᠬᠤᠤᠯ  ᠮᠠᠳᠤ ᠪᠤᠯᠬᠤ ᠨᠢ  ᠵᠠᠢᠢᠯᠠᠰᠢ ᠦᠭᠡᠢ ᠪᠤᠯᠵᠠᠢ᠃
    ᠨᠢᠭᠡ᠂ ᠦᠨᠳᠤᠰᠤᠳᠠᠨ ᠤ ᠰᠤᠳᠤᠨ ᠰᠤᠶᠤᠯ ᠢ ᠤᠯᠠᠮᠵᠢᠯᠠᠵᠤ᠂ ᠵᠠᠯᠭᠠᠮᠵᠢᠯᠠᠵᠤ᠂ ᠭᠦᠭᠵᠢᠭᠦᠯᠭᠦ ᠭᠦᠨᠳᠤ ᠡᠭᠦᠷᠭᠡ ᠨᠢ ᠲᠠᠷᠠ ᠦᠨᠳᠤᠰᠤᠳᠠᠨ ᠤ ᠰᠤᠶᠤᠯ ᠰᠤᠷᠭᠠᠨ ᠭᠦᠮᠦᠵᠢᠯ ᠳᠤ ᠯᠠ ᠲᠦᠰᠢᠭ᠌ᠯᠡᠭᠦ ᠭᠡᠷᠡᠭᠳᠠᠢ᠃  ᠦᠨᠳᠤᠰᠤᠳᠠᠨ ᠤ  ᠰᠤᠷᠭᠠᠨ ᠭᠦᠮᠦᠵᠢᠯ ᠨᠢ ᠲᠤᠬᠠᠢ ᠵᠢᠨ ᠦᠨᠳᠤᠰᠤᠳᠠᠨ ᠤ ᠤᠯᠠᠮᠵᠢᠯᠠᠯᠳᠤ ᠲᠠᠤᠭᠡ ᠰᠤᠶᠤᠯ ᠬᠢᠭᠡᠳ ᠠᠵᠤ ᠠᠬᠤᠢ᠂ ᠵᠠᠩ ᠵᠠᠩᠰᠢᠯ ᠵᠢᠠᠷ ᠰᠠᠭᠤᠷᠢ ᠪᠤᠯᠭᠠᠭᠰᠠᠨ ᠡᠭᠡ ᠭᠡᠯᠠᠨ ᠤ ᠰᠤᠷᠭᠠᠨ ᠭᠦᠮᠦᠵᠢᠯ ᠤᠨ ᠠᠬᠤᠢ ᠤᠷᠴᠢᠨ ᠢ ᠪᠦᠳᠤᠭᠡᠨ ᠪᠠᠢᠢᠭᠤᠯᠵᠤ᠂ ᠡᠭᠦᠨ ᠵᠢᠠᠷ ᠵᠢᠠᠨ ᠰᠤᠷᠤᠭᠴᠢᠳ ᠵᠢᠠᠨ ᠰᠤᠷᠭᠠᠨ ᠭᠦᠮᠦᠵᠢᠭᠦᠯᠭᠦ ᠲᠠᠰᠬᠠᠯᠵᠢᠭᠤᠯᠤᠯ ᠤᠨ ᠴᠢᠬᠤᠯᠠ ᠰᠠᠭᠤᠷᠢᠨ ᠭᠠᠵᠠᠷ ᠪᠤᠯᠭᠠᠬᠤ ᠴᠢᠬᠤᠯᠠᠳᠠᠢ ᠪᠤᠶᠤ᠃ ᠡᠨᠠ ᠡᠭᠦᠳᠠᠨ ᠡᠴᠡ ᠪᠢᠳᠠ ᠮᠤᠩᠭᠤᠯ ᠰᠤᠷᠭᠠᠭᠤᠯᠢ ᠨᠤᠭᠤᠳ ᠲᠤ ᠮᠤᠩᠭᠤᠯ ᠲᠠᠤᠭᠡ ᠰᠤᠶᠤᠯ ᠤᠨ ᠲᠠᠯᠭᠡᠨ ᠦᠵᠠᠭᠦᠯᠦᠯᠭᠡ ᠵᠢᠨ ᠮᠦᠽᠸᠢ  ᠭᠠᠷᠭᠠᠬᠤ ᠡᠴᠡ ᠭᠠᠳᠠᠨ ᠠ ᠨᠦᠭᠦᠴᠠᠯ ᠢ ᠪᠦᠷᠢᠯᠳᠤᠭᠦᠯᠵᠤ ᠪᠠᠢᠢᠭᠠᠳ ᠲᠠᠪᠤᠨ ᠬᠤᠰᠢᠭᠤ ᠮᠠᠯ ᠤᠨ ᠠᠷᠠᠴᠢᠯᠠᠭ ᠠ ᠮᠠᠯᠠᠯᠭ ᠠ ᠬᠢᠭᠡᠳ ᠴᠠᠭᠠᠨ ᠢᠳᠡᠭᠡ ᠤᠯᠠᠭᠠᠨ ᠢᠳᠡᠭᠡ ᠦᠢᠯᠠᠳᠴᠤ ᠪᠤᠯᠪᠠᠰᠤᠷᠠᠭᠤᠯᠬᠤ ᠢᠵᠢ ᠪᠦᠷᠢᠨ ᠲᠠᠰᠬᠠᠯᠵᠢᠭᠤᠯᠤᠯᠳᠠ ᠵᠢᠨ ᠰᠠᠭᠤᠷᠢᠨ ᠭᠠᠵᠠᠷ ᠢ ᠪᠦᠳᠤᠭᠡᠨ ᠪᠠᠢᠢᠭᠤᠯᠬᠤ ᠪᠠᠴᠢᠮ ᠱᠠᠭᠠᠷᠳᠠᠯᠭ ᠠ ᠲᠤᠯᠭᠠᠷᠠᠭᠠᠳ ᠪᠠᠢᠢᠨ ᠠ᠃ ᠡᠢᠢᠮᠦ ᠡᠴᠡ ᠡᠯ ᠠ ᠱᠠᠳᠤᠨ ᠤ ᠵᠠᠰᠠᠭ ᠤᠨ ᠤᠷᠳᠤᠨ᠂  ᠰᠤᠷᠭᠠᠨ ᠭᠦᠮᠦᠵᠢᠯ ᠤᠨ ᠰᠠᠯᠠᠭ ᠠ ᠮᠦᠴᠢᠷ ᠡᠴᠡ ᠶᠠᠭᠤᠨ ᠤ ᠡᠮᠤᠨ ᠠ ᠰᠤᠷᠭᠠᠭᠤᠯᠢ ᠨᠢᠭᠡᠪᠤᠷᠢ ᠳᠤ ᠲᠠᠪᠤᠨ ᠬᠤᠰᠢᠭᠤ ᠮᠠᠯ ᠵᠢᠠᠨ ᠲᠦᠷᠪᠠᠨ ᠤᠯᠠᠷᠢᠯ ᠳᠤ ᠡᠬᠡᠯᠵᠢᠯᠠᠨ ᠮᠠᠯᠵᠢᠬᠤ ᠬᠠᠩᠭᠠᠮᠵᠢᠳᠠᠢ ᠪᠠᠯᠴᠢᠭᠡᠷ  ᠤᠰᠤ ᠵᠢ ᠭᠠᠷᠭᠠᠵᠤ ᠦᠭᠪᠠᠯ  ᠵᠤᠬᠢᠨ ᠠ᠃
     ᠬᠤᠶᠠᠷ᠂ ᠤᠳᠤᠬᠢᠴᠢᠯᠠᠭᠰᠨᠨ ᠮᠠᠯ ᠠᠵᠤ ᠠᠬᠤᠢ ᠵᠢᠨ ᠱᠠᠭᠠᠷᠳᠠᠯᠭ ᠠ ᠳᠤ ᠨᠠᠢᠢᠴᠡᠭᠰᠡᠨ ᠬᠠᠳᠠᠭᠤ ᠵᠦᠭᠡᠯᠠᠨ ᠲᠤᠨᠤᠬ ᠲᠦᠭᠦᠭᠡᠷᠤᠮᠵᠢ ᠵᠢ  ᠲᠦᠷᠤᠯ ᠵᠦᠢᠯ ᠤᠨ ᠮᠠᠳᠠᠭᠦᠯᠤᠯᠳᠠ ᠵᠢᠨ ᠠᠷᠭ ᠠ ᠵᠠᠮ ᠵᠢᠠᠷ ᠪᠦᠷᠢᠨᠵᠢᠭᠦᠯᠦᠨ ᠠ᠃ ᠭᠡᠭᠦ ᠳᠤ ᠪᠠᠨ ᠰᠢᠨᠵᠢᠯᠠᠭᠦ ᠤᠬᠠᠭᠠᠨᠴᠢ ᠵᠢᠱᠢᠶ ᠠ ᠦᠵᠠᠭᠦᠯᠭᠦ ᠡᠷᠤᠭᠡ ᠵᠢᠨ ᠪᠦᠳᠤᠭᠡᠨ ᠪᠠᠢᠢᠭᠤᠯᠤᠯᠳᠠ ᠡᠴᠡ ᠨᠠᠩ ᠦᠨᠳᠤᠷ ᠪᠠᠷᠢᠮᠵᠢᠶ ᠠ᠂  ᠨᠠᠩ ᠦᠨᠳᠤᠷ ᠱᠠᠭᠠᠷᠳᠠᠯᠭ ᠠ᠂  ᠨᠠᠩ ᠦᠨᠳᠤᠷ ᠵᠤᠭᠰᠤᠴᠠ ᠡᠴᠡ ᠪᠦᠳᠤᠭᠡᠨ ᠪᠠᠢᠢᠭᠤᠯᠬᠤ ᠭᠡᠷᠡᠭᠳᠠᠢ᠃
    ᠭᠤᠷᠪᠠ᠂  ᠰᠤᠷᠤᠭᠴᠢᠳ ᠤᠨ ᠶᠠᠷᠤᠩᠭᠡᠢᠢᠯᠡᠭᠰᠡᠨ ᠦᠢᠯᠠᠳᠤᠯᠭᠡ ᠳᠤ ᠤᠷᠤᠯᠴᠠᠬᠤ ᠬᠠᠳᠠᠭᠤ ᠵᠦᠭᠡᠯᠠᠨ ᠲᠤᠨᠤᠭᠯᠠᠯ᠂  ᠭᠦᠳᠠᠯᠪᠤᠷᠢ ᠵᠢᠨ ᠭᠡᠷ᠂  ᠰᠠᠭᠤᠬᠤ ᠤᠷᠤᠨ᠂  ᠬᠤᠯᠪᠤᠭᠳᠠᠬᠤ ᠵᠢᠭᠠᠬᠤ ᠮᠠᠲ᠋ᠸᠷᠢᠶᠠᠯ᠂ ᠵᠢᠭᠠᠬᠤ ᠪᠠᠭᠠᠵᠢ ᠭᠡᠷᠡᠭᠰᠡᠯ ᠢ ᠪᠦᠷᠢᠨᠵᠢᠭᠦᠯᠭᠦ ᠭᠡᠷᠡᠭᠳᠠᠢ᠃  ᠲᠠᠷᠤᠢ ᠶᠠᠭᠤ ᠴᠢᠬᠤᠯᠠᠳᠠᠢ ᠯᠠ ᠶᠤᠮ ᠪᠤᠯ ᠲᠠᠭᠦᠨ ᠢ ᠨᠢ ᠬᠠᠩᠭᠠᠪᠠᠯ ᠵᠤᠬᠢᠨ ᠠ᠃
    ᠲᠦᠷᠪᠠ᠂  ᠰᠤᠷᠤᠭᠴᠢᠳ ᠭᠠᠷᠠᠬ ᠵᠢᠠᠷ ᠪᠤᠶᠤ ᠬᠠᠭᠠᠰ ᠰᠠᠷ ᠠ ᠪᠠᠷ ᠲᠠᠰᠬᠠᠯᠵᠢᠭᠤᠯᠤᠯ ᠤᠨ ᠰᠠᠭᠤᠷᠢᠨ ᠭᠠᠵᠠᠷ ᠲᠤ ᠪᠠᠢᠢᠩᠭᠤ ᠰᠠᠭᠤᠷᠢᠰᠢᠵᠤ᠂  ᠮᠠᠯ ᠠᠵᠤ ᠠᠬᠤᠢ ᠵᠢᠨ ᠦᠢᠯᠠᠳᠪᠤᠷᠢᠯᠠᠯ ᠠᠮᠢᠳᠤᠷᠠᠯ ᠳᠤ ᠤᠷᠤᠯᠴᠠᠨ ᠠ᠃  ᠢᠩᠬᠢᠵᠤ ᠬᠢᠭᠦ ᠵᠢᠨ ᠴᠢᠬᠤᠯᠠ ᠴᠢᠨᠠᠷ ᠨᠢ᠄ ᠨᠢᠭᠡ ᠳᠤ᠂ ᠮᠠᠯ ᠠᠵᠤ ᠠᠬᠤᠢ ᠳᠤ ᠬᠤᠯᠪᠤᠭᠳᠠᠬᠤ ᠭᠡᠯᠠ ᠭᠡᠯᠠᠯᠭᠡ ᠵᠢ ᠡᠵᠠᠮᠰᠢᠵᠤ ᠦᠭᠡᠰ ᠤᠨ ᠰᠠᠩ ᠪᠠᠶᠠᠯᠢᠬᠵᠢᠨ ᠠ᠃  ᠬᠤᠶᠠᠷ ᠲᠤ᠂ ᠮᠠᠯ ᠠᠵᠤ ᠠᠬᠤᠢ ᠳᠤ  ᠬᠤᠯᠪᠤᠭᠳᠠᠬᠤ ᠶᠤᠰᠤ ᠵᠠᠩᠰᠢᠯ ᠢ ᠤᠢᠢᠯᠠᠭᠠᠵᠤ ᠴᠢᠳᠠᠨ ᠠ᠃   ᠭᠤᠷᠪᠠ ᠳᠤ᠂ ᠮᠠᠯ ᠠᠵᠤ ᠠᠬᠤᠢ ᠵᠢᠨ ᠠᠷᠠᠴᠢᠯᠠᠭ ᠠ ᠮᠠᠯᠠᠯᠭ ᠠ ᠵᠢᠨ ᠠᠷᠭ ᠠ ᠪᠠᠷᠢᠯ ᠢ ᠡᠵᠠᠮᠰᠢᠵᠤ ᠴᠢᠳᠠᠨ ᠠ᠃  ᠲᠦᠷᠪᠠ ᠳᠤ᠂  ᠮᠠᠯ ᠤᠨ ᠠᠰᠢᠭ ᠰᠢᠮ ᠠ ᠵᠢᠨ ᠪᠤᠯᠪᠠᠰᠤᠷᠠᠭᠤᠯᠤᠯᠳᠠ ᠵᠢᠨ ᠮᠠᠷᠭᠡᠵᠢᠯ ᠢ ᠡᠵᠠᠮᠰᠢᠵᠤ ᠴᠢᠳᠠᠨ ᠠ᠃  ᠲᠠᠪᠤ ᠳᠤ᠂  ᠮᠤᠷᠢ ᠤᠷᠤᠯᠳᠤᠭᠤᠯᠬᠤ᠂  ᠲᠠᠮᠠᠭᠡ ᠤᠷᠤᠯᠳᠤᠭᠤᠯᠬᠤ᠂  ᠮᠤᠷᠢᠨ ᠪᠦᠮᠪᠤᠭᠡ᠂  ᠲᠠᠮᠠᠭᠡᠨ ᠪᠦᠮᠪᠦᠭᠡ ᠵᠢᠨ ᠤᠷᠤᠯᠳᠤᠭᠠᠨ ᠵᠡᠷᠭᠡ ᠰᠤᠶᠤᠯ ᠲᠠᠮᠢᠷ ᠤᠨ ᠭᠦᠮᠦᠵᠢᠯ ᠪᠤᠯᠪᠠᠰᠤᠷᠠᠯ ᠳᠤ  ᠴᠠᠭᠠᠷᠠᠭᠤᠯᠵᠤ ᠴᠢᠳᠠᠨ ᠠ᠃ ᠡᠨᠠ ᠮᠠᠳᠤ ᠪᠠᠷ ᠮᠤᠩᠭᠤᠯ ᠰᠤᠷᠭᠠᠭᠤᠯᠢ ᠵᠢᠨ ᠰᠤᠷᠭᠠᠨ ᠭᠦᠮᠦᠵᠢᠯ ᠵᠢᠭᠠᠨ ᠰᠤᠷᠭᠠᠯᠳᠠ ᠵᠢ ᠮᠠᠯᠵᠢᠬᠤ ᠤᠳᠤᠮᠯᠠᠯ ᠤᠨ ᠰᠤᠷᠭᠠᠨ ᠭᠦᠮᠦᠵᠢᠯ ᠤᠨ ᠭᠤᠤᠯ ᠱᠤᠭᠤᠮ ᠡᠴᠡ ᠵᠠᠢᠢᠳᠠᠭᠤᠯᠬᠤ ᠦᠭᠡᠢ ᠪᠠᠢᠢᠯᠭᠠᠵᠤ ᠴᠢᠳᠠᠪᠠᠯ ᠰᠠᠶᠢ ᠵᠢᠩᠬᠢᠨᠢ  ᠦᠨᠳᠤᠰᠤᠳᠠᠨ ᠤ ᠰᠤᠷᠭᠠᠨ ᠭᠦᠮᠦᠵᠢᠯ ᠢ ᠪᠠᠶᠠᠯᠠᠭᠦᠯᠵᠤ᠂  ᠮᠤᠩᠭᠤᠯ ᠭᠡᠤᠭᠡᠳ ᠵᠢᠠᠨ ᠮᠤᠩᠭᠤᠯ ᠰᠤᠶᠤᠯ ᠲᠠᠢ ᠴᠢᠳᠠᠪᠤᠷᠢᠳᠠᠨ ᠪᠤᠯᠭᠠᠵᠤ ᠴᠢᠳᠠᠨ ᠠ᠃
    ᠵᠢᠭᠠᠨ ᠰᠤᠷᠭᠠᠯᠳᠠ ᠵᠢᠨ ᠲᠠᠯ ᠠ ᠪᠠᠷ ᠪᠢᠳᠠ ᠤᠳᠤ ᠡᠴᠡ ᠡᠬᠢᠯᠠᠨ ᠤᠳᠤᠨ ᠲᠸᠯᠸᠢᠰ ᠲᠠᠢ ᠬᠠᠮᠳᠤᠷᠠᠨ  ᠺᠤᠤᠷᠰᠸᠠᠢᠢᠷ ᠦᠢᠯᠠᠳᠭᠦ ᠠᠷᠭ ᠠ ᠵᠠᠮ ᠵᠢᠠᠷ ᠮᠤᠩᠭᠤᠯ ᠰᠤᠶᠤᠯ ᠵᠢᠠᠨ  ᠤᠯᠠᠮᠵᠢᠯᠠᠵᠤ ᠪᠤᠯᠤᠨ ᠠ᠃ ᠤᠳᠤᠬᠠᠨ ᠤ ᠮᠤᠩᠭᠤᠯ ᠲᠸᠯᠸᠢᠰ ᠤᠨ ᠠᠬᠤᠢ ᠪᠠᠢᠢᠳᠠᠯ ᠡᠴᠡ ᠦᠵᠠᠪᠠᠯ᠄
    ᠨᠢᠭᠡ᠂ ᠮᠤᠩᠭᠤᠯ ᠡᠭᠡ ᠭᠡᠯᠠᠨ ᠤ ᠭᠡᠷᠡᠭᠯᠠᠯᠳᠠ ᠵᠢᠨ ᠭᠦᠷᠢᠶ ᠠ ᠭᠡᠪᠴᠢᠶ ᠠ ᠢᠪᠴᠤᠤᠷᠠᠵᠤ᠂ ᠮᠤᠩᠭᠤᠯ ᠦᠭᠡᠰ ᠤᠨ ᠰᠠᠩ ᠶᠠᠳᠠᠭᠤᠷᠠᠵᠤ᠂  ᠮᠤᠩᠭᠤᠯ ᠰᠡᠳᠬᠢᠭᠦᠢ ᠲᠦᠭᠵᠢᠷᠠᠵᠤ ᠪᠠᠢᠢᠭ ᠠ ᠪᠠᠢᠢᠳᠠᠯ ᠲᠤᠤᠷ ᠠ ᠮᠤᠩᠭᠤᠯ ᠤᠳᠤᠨ ᠲᠸᠯᠸᠢᠰ ᠤᠨ ᠪᠦᠭᠦ ᠨᠦᠭᠦᠳ ᠤᠷᠳᠤ ᠬᠤᠭᠤᠴᠠᠭᠠᠨ ᠤ ᠲᠤᠷᠰᠢ ᠮᠤᠩᠭᠤᠯ ᠦᠪ ᠰᠤᠶᠤᠯ ᠤᠨ ᠪᠦᠭᠦᠯᠢ ᠭᠦᠷᠢᠶ ᠠ ᠭᠡᠪᠴᠢᠶᠠᠨ ᠳᠤ ᠴᠦᠭᠦᠷᠠᠯ ᠦᠭᠡᠢ ᠰᠢᠷᠭᠠᠭᠤ ᠬᠠᠳᠠᠭᠤᠵᠢᠯᠳᠠᠢ ᠪᠠᠷ ᠠᠵᠢᠯᠯᠠᠵᠤ ᠡᠳᠤᠭᠡ ᠨᠢᠭᠡᠨᠳᠠ ᠪᠦᠭᠦ ᠮᠤᠩᠭᠤᠯ ᠤᠷᠤᠨ ᠢ ᠪᠠᠭᠳᠠᠭᠠᠭᠰᠠᠨ ᠡᠯ ᠠ ᠭᠠᠵᠠᠷ ᠤᠷᠤᠨ᠂  ᠦᠨᠴᠦᠭ ᠪᠤᠯᠤᠩ ᠭᠦᠷᠳᠠᠯ ᠠ ᠤᠯᠠ ᠮᠦᠷ ᠵᠢᠠᠨ ᠦᠯᠠᠳᠡᠭᠡᠵᠤ ᠰᠤᠷᠪᠤᠯᠵᠢᠯᠠᠭ ᠠ ᠬᠢᠵᠤ᠂ ᠲᠦᠷᠰᠤ ᠰᠢᠩᠭᠡᠭᠡᠯᠳᠠ ᠠᠪᠴᠤ ᠡᠮᠬᠢᠯᠠᠨ  ᠨᠠᠢᠢᠷᠠᠭᠤᠯᠵᠤ᠂  ᠮᠤᠩᠭᠤᠯᠴᠤᠳ ᠤᠨ ᠠᠵᠤ ᠠᠬᠤᠢ᠂ ᠲᠠᠤᠭᠡ ᠰᠤᠶᠤᠯ᠂  ᠵᠠᠩ ᠵᠠᠨᠭᠰᠢᠯ᠂  ᠶᠤᠰᠤ ᠰᠤᠷᠳᠠᠬᠤᠨ᠂  ᠠᠮᠢᠳᠤᠷᠠᠯ ᠲᠠᠮᠠᠴᠠᠯ᠂  ᠤᠢ ᠪᠢᠯᠢᠭ᠌᠂ ᠤᠷ ᠠ ᠠᠪᠢᠶᠠᠰ᠂  ᠪᠦᠳᠤᠭᠡᠯᠴᠢ ᠰᠡᠳᠬᠢᠭᠦᠢ ᠬᠢᠭᠡᠳ ᠭᠦᠮᠦᠨ ᠪᠠ ᠡᠭᠡ ᠪᠠᠢᠢᠭᠠᠯᠢ ᠵᠢᠨ ᠡᠪ ᠵᠤᠬᠢᠴᠠᠯ ᠤᠨ ᠲᠤᠬᠠᠢ ᠮᠠᠰᠢ ᠦᠪᠠᠷᠮᠢᠴᠠ ᠦᠨ ᠠ ᠦᠷᠳᠡᠭ ᠲᠠᠢ᠂  ᠪᠦᠭᠦᠯᠢ ᠮᠤᠩᠭᠤᠯ ᠲᠦᠮᠠᠨ ᠳᠤ ᠵᠠᠢᠢᠯᠠᠰᠢ ᠦᠭᠡᠢ ᠱᠠᠭᠠᠷᠳᠠᠭᠳᠠᠵᠤ ᠲᠠᠭᠠᠯᠠᠭᠳᠠᠬᠤ ᠨᠠᠢᠢᠭᠡᠮ ᠤᠨ  ᠶᠠᠭᠡ ᠰᠤᠷᠭᠠᠭᠤᠯᠢ ᠵᠢᠨ ᠬᠢᠴᠢᠶᠠᠯ ᠤᠨ ᠪᠢᠴᠢᠭ᠌ ᠪᠤᠯᠬᠤ ᠺᠤᠤᠷᠰᠸᠠᠢᠢᠷ ᠤᠨ ᠪᠠᠶᠠᠯᠢᠬ ᠮᠠᠲ᠋ᠸᠷᠢᠶᠠᠯ ᠢ ᠪᠦᠷᠢᠨᠵᠢᠭᠦᠯᠵᠤ ᠪᠤᠢ᠃
    ᠬᠤᠶᠠᠷ᠂  ᠮᠤᠩᠭᠤᠯ ᠤᠳᠤᠨ ᠲᠸᠯᠸᠢᠰ ᠤᠨ ᠭᠦᠳᠤᠯᠦᠭᠴᠢ ᠨᠠᠪᠳᠠᠷᠠᠭᠦᠯᠦᠭᠴᠢ ᠨᠠᠷ ᠤᠨ ᠭᠡᠯᠠ ᠶᠠᠷᠢᠶ ᠠ ᠴᠦᠮ ᠪᠠᠷᠢᠮᠵᠢᠶ ᠠ ᠠᠪᠢᠶᠠᠨ ᠤ ᠦᠨᠳᠤᠷ ᠱᠠᠭᠠᠷᠳᠠᠯᠭ ᠠ ᠲᠠᠢ᠂ ᠭᠡᠯᠠ ᠭᠡᠯᠠᠯᠭᠡ ᠤᠷᠤᠰᠤᠮ ᠠ᠂  ᠠᠮᠢᠳᠤ ᠲᠦᠷᠰᠦᠯᠢᠭ᠌ ᠵᠢᠠᠷ ᠵᠢᠠᠨ ᠤᠨᠴᠠ ᠲᠠᠰ ᠤᠨ ᠪᠠᠭᠰᠢ ᠵᠢᠨ ᠪᠠᠷᠢᠮᠵᠢᠶ ᠠ ᠳᠤ ᠨᠠᠢᠢᠴᠠᠵᠤ ᠪᠠᠢᠢᠨ ᠠ᠃
    ᠭᠤᠷᠪᠠ᠂ ᠮᠤᠩᠭᠤᠯ ᠦᠨᠳᠤᠰᠤᠳᠠᠨ ᠤ ᠭᠦᠮᠦᠨ ᠠᠮᠠ ᠴᠦᠭᠡᠭᠡᠨ ᠮᠦᠷᠳᠡᠭᠡᠨ ᠡᠳᠤᠷ ᠢᠷᠠᠭᠦᠶ ᠠ  ᠡᠭᠡ ᠭᠡᠯᠠᠨ ᠤ ᠪᠠᠨ ᠤᠷᠴᠢᠨ ᠡᠴᠡ ᠪᠠᠨ ᠰᠠᠯᠵᠤ ᠪᠠᠢᠢᠬᠤ ᠪᠠᠢᠢᠳᠠᠯ ᠲᠤᠤᠷ ᠠ ᠰᠤᠷᠭᠠᠭᠤᠯᠢ ᠳᠤ ᠰᠤᠷᠤᠯᠴᠠᠵᠤ ᠪᠠᠢᠢᠭ ᠠ ᠮᠤᠩᠭᠤᠯ ᠭᠡᠤᠭᠡᠳ ᠰᠤᠷᠭᠠᠭᠤᠯᠢ ᠳᠤ ᠪᠠᠨ ᠪᠠᠢᠢᠬᠤ ᠬᠤᠭᠤᠴᠠᠭᠠᠨ ᠳᠤ ᠬᠢᠴᠢᠶᠠᠯ  ᠲᠠᠪᠳᠠᠯᠭ ᠠ ᠭᠡᠳ  ᠮᠤᠩᠭᠤᠯ ᠤᠳᠤᠨ ᠲᠸᠯᠸᠢᠰ ᠤᠨ ᠲᠤᠭᠳᠠᠮᠠᠯ ᠴᠠᠭ ᠵᠢᠠᠷ ᠨᠠᠪᠳᠠᠷᠠᠭᠦᠯᠭᠦ ᠠᠯᠢ ᠰᠠᠢᠢᠬᠠᠨ ᠫᠷᠦᠭᠷᠡᠮ ᠦᠳ ᠨᠢ  ᠰᠤᠷᠤᠭᠴᠢᠳ ᠤᠨ ᠤᠶᠤᠨ ᠮᠠᠯᠮᠠᠢ ᠳᠤ ᠦᠷᠳᠠᠭᠦ ᠦᠭᠡᠢ  ᠪᠠᠷ ᠦᠩᠭᠡᠷᠡᠨ ᠤᠳᠴᠤ ᠪᠠᠢᠢᠨ ᠠ᠃  ᠡᠭᠦᠨ ᠡᠴᠡ ᠪᠤᠯᠵᠤ ᠮᠤᠩᠭᠤᠯ ᠰᠤᠷᠤᠭᠴᠢᠳ ᠮᠤᠩᠭᠤᠯ ᠤᠳᠤᠨ ᠲᠸᠯᠸᠢᠰ ᠤᠨ ᠠᠮᠳᠠ ᠰᠢᠮᠳᠠ ᠳᠤ ᠤᠷᠤᠬᠤ ᠡᠴᠡ ᠡᠮᠤᠨ ᠠ᠂ ᠬᠢᠳᠠᠳ ᠰᠤᠪᠠᠬ ᠲᠤ  ᠰᠤᠨᠢᠷᠬᠠᠯ ᠪᠤᠯᠢᠶᠠᠭᠳᠠᠵᠤ᠂  ᠮᠤᠩᠭᠤᠯ ᠤᠳᠤᠨ ᠲᠸᠯᠸᠢᠰ ᠤᠨ ᠪᠦᠭᠦ ᠨᠦᠭᠦᠳ ᠤᠨ ᠵᠢᠠᠨ ᠠᠷᠢᠭᠤᠨ ᠴᠠᠭᠠᠨ ᠭᠦᠳᠠᠯᠮᠤᠷᠢ ᠨᠢ ᠤᠯᠪᠠᠰᠤ ᠵᠤᠬᠢᠬᠤ ᠦᠷ ᠠ ᠠᠰᠢᠭ ᠵᠢᠠᠨ ᠭᠦᠢᠴᠠᠳ ᠤᠯᠵᠤ ᠲᠠᠢᠢᠯᠭᠦ ᠦᠭᠡᠢ ᠪᠠᠢᠢᠨ ᠠ᠃  ᠮᠤᠩᠭᠤᠯ ᠤᠳᠤᠨ ᠲᠸᠯᠸᠢᠰ ᠤᠨ ᠫᠷᠦᠭᠷᠡᠮ ᠨᠢ ᠮᠤᠩᠭᠤᠯ ᠮᠠᠯᠴᠢᠨ ᠲᠦᠮᠠᠨ᠂  ᠺᠠᠳ᠋ᠷ  ᠠᠵᠢᠯᠳᠠᠨ ᠤ ᠰᠤᠶᠤᠯ ᠤᠨ ᠭᠡᠷᠡᠭᠴᠡᠭᠡ ᠵᠢ  ᠬᠠᠩᠭᠠᠬᠤ  ᠪᠠᠷ ᠦᠯᠦ ᠪᠠᠷᠠᠨ  ᠨᠠᠩ ᠴᠢᠬᠤᠯᠠ ᠨᠢ  ᠦᠰᠪᠤᠷᠢ ᠵᠢᠨ ᠵᠠᠯᠠᠭᠤ ᠪᠠᠭᠠᠴᠤᠳ ᠪᠤᠯᠬᠤ ᠰᠤᠷᠭᠠᠭᠤᠯᠢ ᠵᠢᠨ ᠱᠠᠳᠤᠨ ᠤ ᠰᠤᠷᠤᠭᠴᠢᠳ ᠤᠨ ᠰᠤᠶᠤᠯ ᠤᠨ ᠭᠡᠷᠡᠭᠴᠡᠭᠡ ᠵᠢ ᠬᠠᠩᠭᠠᠬᠤ ᠳᠤ ᠪᠤᠢ᠃
    ᠲᠦᠷᠪᠠ᠂  ᠰᠤᠷᠭᠠᠭᠤᠯᠢ ᠵᠢᠨ ᠭᠦᠷᠢᠶᠠᠨ ᠤ ᠰᠢᠨ ᠠ ᠬᠢᠴᠢᠶᠠᠯ ᠤᠨ ᠦᠭᠡᠷᠡᠴᠢᠯᠠᠯᠳᠠ ᠡᠷᠡᠭᠦᠯ ᠵᠢᠠᠷ ᠦᠷᠨᠢᠵᠤ᠂  ᠬᠢᠴᠢᠶᠠᠯ ᠤᠨ ᠪᠢᠴᠢᠭ᠌ ᠢ ᠤᠯᠤᠰ ᠤᠨ ᠬᠢᠴᠢᠶᠠᠯ ᠤᠨ ᠪᠢᠴᠢᠭ᠌᠂ ᠭᠠᠵᠠᠷ ᠤᠷᠤᠨ ᠤ ᠬᠢᠴᠢᠶᠠᠯ ᠤᠨ ᠪᠢᠴᠢᠭ᠌᠂ ᠰᠤᠷᠭᠠᠭᠤᠯᠢ ᠵᠢᠨ ᠬᠢᠴᠢᠶᠠᠯ ᠤᠨ ᠪᠢᠴᠢᠭ᠌ ᠭᠡᠵᠤ ᠭᠤᠷᠪᠠᠨ ᠲᠠᠰ ᠲᠤ ᠬᠤᠪᠢᠶᠠᠵᠤ ᠮᠠᠲ᠋ᠸᠷᠢᠶᠠᠯ ᠴᠤᠭᠯᠠᠭᠤᠯᠵᠤ᠂  ᠡᠭᠡ ᠪᠢᠴᠢᠭ᠌ ᠰᠢᠯᠢᠨ ᠰᠤᠩᠭᠤᠵᠤ᠂  ᠭᠡᠢᠢᠰᠪᠤᠷᠢ ᠵᠢ ᠪᠤᠳᠠᠳᠠᠢ ᠲᠠᠰᠢ᠂ ᠪᠤᠳᠠᠳᠠᠢ ᠡᠴᠡ ᠭᠡᠢᠢᠰᠪᠤᠷᠢ ᠲᠠᠰᠢ ᠬᠠᠷᠢᠯᠴᠠᠨ ᠰᠤᠯᠢᠪᠢᠴᠠᠭᠤᠯᠵᠤ᠂  ᠦᠢᠯᠠ ᠶᠠᠪᠤᠳᠠᠯ᠂  ᠦᠯᠢᠭᠡᠷ ᠲᠠᠤᠭᠡ᠂  ᠵᠠᠩ ᠲᠠᠳᠬᠠᠯ ᠳᠤ ᠴᠦᠮ ᠦᠵᠡᠭᠳᠡᠯ ᠠᠬᠤᠢ ᠵᠢ ᠬᠠᠪᠰᠤᠷᠭᠠᠬᠤ ᠵᠢ ᠤᠨᠴᠠᠭᠠᠢ ᠴᠢᠬᠤᠯᠠᠴᠢᠯᠠᠵᠤ ᠪᠠᠢᠢᠨ ᠠ᠃  ᠡᠢᠢᠮᠦ ᠪᠤᠯᠬᠤᠷ  ᠮᠤᠩᠭᠤᠯ ᠤᠳᠤᠨ  ᠲᠸᠯᠸᠢᠰ ᠲᠠᠢ ᠬᠠᠮᠳᠤᠷᠠᠵᠤ ᠺᠤᠤᠷᠰᠸᠠᠢᠢᠷ ᠦᠢᠯᠠᠳᠭᠦ ᠰᠠᠢᠢᠬᠠᠨ ᠨᠦᠭᠦᠴᠠᠯ ᠢ ᠠᠰᠢᠭᠯᠠᠬᠤ ᠪᠤᠯ ᠴᠠᠭ ᠦᠶ ᠠ ᠵᠢᠨ ᠱᠠᠭᠠᠷᠳᠠᠯᠭ ᠠ ᠲᠠᠢ ᠨᠠᠢᠢᠴᠠᠵᠤ ᠪᠠᠢᠢᠨ ᠠ᠃
    ᠪᠢᠳᠠ ᠺᠤᠤᠷᠰᠸᠠᠢᠢᠷ ᠦᠢᠯᠠᠳᠭᠦ ᠳᠡᠭᠡᠨ ᠲᠤᠤᠷᠠᠬᠢ ᠭᠡᠳᠤᠨ ᠱᠠᠭᠠᠷᠳᠠᠯᠭ ᠠ ᠪᠠᠷ ᠬᠢᠵᠤ ᠪᠤᠯᠤᠨ ᠠ᠄
    ᠨᠢᠭᠡ᠂  ᠬᠢᠴᠢᠶᠠᠯ ᠤᠨ ᠪᠢᠴᠢᠭ᠌ ᠨᠠᠢᠢᠷᠠᠭᠤᠯᠬᠤ ᠵᠠᠷᠴᠢᠮ᠂  ᠺᠤᠤᠷᠰᠸᠠᠢᠢᠷ ᠦᠢᠯᠠᠳᠭᠦ ᠪᠠᠷᠢᠮᠵᠢᠶ ᠠ ᠵᠢ ᠦᠨᠳᠤᠰᠤᠯᠠᠵᠤ ᠨᠠᠢᠢᠷᠠᠭᠤᠯᠵᠤ ᠦᠢᠯᠠᠳᠭᠦ ᠲᠤᠰᠬᠠᠢ ᠺᠤᠮᠢᠰ ᠢ ᠪᠦᠷᠢᠯᠳᠤᠭᠦᠯᠦᠨ ᠠ᠃
    ᠬᠤᠶᠠᠷ᠂  ᠮᠤᠨᠩᠭᠤᠯ ᠤᠳᠤᠨ ᠲᠸᠯᠸᠢᠰ ᠤᠨ ᠪᠦᠭᠦ ᠨᠦᠭᠦᠳ ᠤᠨ ᠭᠦᠳᠠᠯᠮᠤᠷᠢ ᠵᠢᠨ ᠬᠤᠷᠠᠮᠳᠤᠭᠤᠯᠤᠯ ᠡᠴᠡ ᠮᠤᠨᠩᠭᠤᠯ ᠰᠤᠷᠤᠭᠴᠢᠳ ᠲᠤ ᠵᠠᠢᠢᠯᠠᠰᠢ ᠦᠭᠡᠢ ᠤᠢᠢᠯᠠᠭᠠᠭᠤᠯᠵᠤ ᠮᠠᠳᠠᠭᠦᠯᠭᠦ ᠦᠵᠠᠯ ᠰᠠᠨᠠᠭ ᠠ᠂  ᠰᠤᠨᠢᠷᠬᠠᠵᠤ ᠪᠠᠬᠠᠷᠬᠠᠬᠤ ᠬᠠᠢᠢᠷ ᠠ ᠰᠡᠳᠬᠢᠯᠭᠡ᠂  ᠲᠠᠳᠤᠯᠭᠠᠵᠢᠨ ᠴᠢᠳᠠᠪᠤᠷᠢᠵᠢᠬᠤ ᠤᠷ ᠠ ᠮᠠᠷᠭᠡᠵᠢᠯ ᠢ ᠰᠢᠯᠢᠨ ᠰᠤᠩᠭᠤᠨ ᠠ᠃
    ᠭᠤᠷᠪᠠ᠂  ᠺᠤᠤᠷᠰᠸᠠᠢᠢᠷ ᠢ ᠴᠡᠴᠡᠷᠯᠢᠭ᠌᠂ ᠪᠠᠭ ᠠ ᠰᠤᠷᠭᠠᠭᠤᠯᠢ᠂  ᠠᠩᠬ ᠠ ᠲᠤᠮᠳᠠᠳᠤ᠂  ᠲᠠᠭᠡᠳᠤ ᠲᠤᠮᠳᠠᠳᠤ᠂  ᠶᠠᠭᠡ ᠰᠤᠷᠭᠠᠭᠤᠯᠢ ᠮᠠᠳᠤ ᠭᠡᠳᠤᠨ ᠲᠡᠭᠳᠡᠷ ᠵᠢᠠᠷ ᠦᠢᠯᠠᠳᠤᠨ ᠨᠠᠢᠢᠷᠠᠭᠤᠯᠵᠤ᠂  ᠰᠤᠷᠤᠭᠴᠢᠳ ᠤᠨ ᠭᠦᠯᠢᠶᠠᠨ ᠠᠪᠬᠤ ᠴᠢᠳᠠᠪᠤᠷᠢ᠂  ᠱᠠᠭᠠᠷᠳᠠᠯᠭ ᠠ᠂  ᠤᠨᠴᠠᠯᠢᠭ ᠢ ᠰᠠᠢᠢᠳᠤᠷ ᠬᠠᠷᠠᠭᠠᠯᠵᠠᠬᠤ ᠭᠡᠷᠡᠭᠳᠠᠢ᠃
    ᠲᠦᠷᠪᠠ᠂  ᠺᠤᠤᠷᠰᠸᠠᠢᠢᠷ ᠨᠢ ᠠᠭᠤᠯᠭ ᠠ ᠪᠠᠷ ᠪᠠᠶᠠᠯᠢᠬ᠂  ᠭᠡᠯᠪᠠᠷᠢ ᠮᠠᠶᠢᠬ ᠵᠢᠠᠷ ᠤᠯᠠᠨ᠂  ᠰᠢᠰᠲ᠋ᠸᠮᠴᠢ ᠴᠢᠨᠠᠷ ᠲᠠᠢ ᠮᠦᠷᠳᠡᠭᠡᠨ ᠦᠷᠭᠦᠯᠵᠢᠯᠡᠭᠰᠡᠨ ᠴᠢᠨᠠᠷᠳᠠᠢ ᠪᠠᠢᠢᠬᠤ᠂ ᠰᠤᠨᠢᠷᠬᠠᠯᠳᠠᠢ ᠮᠦᠷᠳᠡᠭᠡᠨ ᠰᠦᠪᠡᠭᠴᠢᠯᠠᠨ ᠰᠤᠳᠤᠯᠬᠤ ᠤᠷᠤᠨ ᠵᠠᠢ ᠲᠠᠢ ᠪᠠᠢᠢᠬᠤ ᠭᠡᠷᠡᠭᠳᠠᠢ᠃
    ᠲᠠᠪᠤ᠂  ᠺᠤᠤᠷᠰᠸᠠᠢᠢᠷ ᠤᠨ ᠠᠭᠤᠯᠭ ᠠ ᠡᠴᠡ ᠦᠷᠭᠦᠯᠵᠢ ᠰᠢᠯᠭᠠᠯᠳᠠ ᠵᠢᠨ ᠰᠠᠳᠤᠪ ᠲᠤ ᠭᠠᠷᠭᠠᠬᠤ ᠵᠢ ᠪᠠᠳᠤᠯᠠᠬᠤ (ᠬᠤᠭᠤᠴᠠᠭ ᠠ ᠲᠤᠮᠳᠠ᠂  ᠬᠤᠭᠤᠴᠠᠭ ᠠ ᠡᠴᠤᠰ᠂  ᠰᠤᠷᠭᠠᠭᠤᠯᠢ ᠲᠡᠭᠦᠰᠭᠦ᠂  ᠲᠠᠪᠰᠢᠬᠤ ᠵᠡᠷᠭᠡ ᠰᠢᠯᠭᠠᠯᠳᠠ) ᠭᠡᠷᠡᠭᠳᠠᠢ᠃
    ᠢᠩᠬᠢᠵᠤ ᠬᠢᠭᠦ ᠵᠢᠨ ᠦᠷ ᠠ ᠠᠰᠢᠭ ᠨᠢ ᠠᠳᠠᠬ ᠲᠠᠭᠠᠨ ᠲᠤᠤᠷᠠᠬᠢ ᠭᠡᠳᠤᠨ ᠲᠠᠯ ᠠ ᠪᠠᠷ ᠢᠯᠠᠷᠠᠨ ᠠ᠃
    ᠨᠢᠭᠡ᠂  ᠨᠠᠭᠦᠳᠠᠯ ᠮᠠᠯᠵᠢᠯ ᠠᠮᠢᠳᠤᠷᠠᠯ ᠡᠴᠡ ᠰᠠᠯᠵᠤ ᠵᠠᠢᠢᠳᠠᠵᠤ ᠪᠠᠢᠢᠭ ᠠ ᠠᠬᠤᠢ ᠨᠦᠭᠦᠴᠠᠯ ᠲᠤᠤᠷ ᠠ ᠡᠨᠡᠭᠦ ᠺᠤᠤᠷᠰᠸᠠᠢᠢᠷ ᠨᠢ  ᠵᠢᠩᠬᠢᠨᠢ ᠦᠨ ᠠ ᠦᠷᠳᠡᠭ ᠵᠢᠠᠨ ᠪᠠᠳᠠᠷᠠᠭᠤᠯᠵᠤ ᠴᠢᠳᠠᠨ ᠠ᠃
    ᠬᠤᠶᠠᠷ᠂ ᠰᠤᠷᠤᠭᠴᠢᠳ ᠰᠤᠨᠢᠷᠬᠠᠯ ᠤᠨ ᠲᠤᠮᠳᠠ ᠤᠯᠠᠨ ᠢ ᠦᠵᠠᠵᠤ᠂  ᠤᠯᠠᠨ ᠢ ᠮᠠᠳᠠᠵᠤ᠂  ᠤᠢ ᠪᠢᠯᠢᠭ᠌ ᠨᠡᠭᠡᠭᠡᠭᠳᠡᠵᠤ᠂ ᠮᠠᠯᠵᠢᠬᠤ ᠠᠮᠢᠳᠤᠷᠠᠯ᠂ ᠮᠠᠯᠵᠢᠬᠤ ᠰᠤᠶᠤᠯ ᠳᠤ ᠪᠠᠨ ᠬᠠᠢᠢᠷᠠᠳᠠᠢ ᠪᠤᠯᠤᠨ ᠠ᠂  ᠡᠭᠦᠨ ᠵᠢᠠᠷ ᠲᠠᠳᠠᠨ ᠤ ᠮᠠᠯᠵᠢᠬᠤ ᠤᠳᠤᠮ ᠤᠨ ᠰᠡᠳᠬᠢᠭᠦᠢ ᠵᠢ ᠨᠢ ᠠᠪᠤᠷᠠᠬᠤ ᠳᠤ ᠲᠤᠰᠠᠳᠠᠢ᠃
    ᠭᠤᠷᠪᠠ᠂  ᠰᠤᠷᠤᠭᠴᠢᠳ ᠤᠨ ᠪᠠᠷᠢᠮᠵᠢᠶ ᠠ ᠠᠪᠢᠶ ᠠ᠂  ᠭᠡᠯᠠ ᠭᠡᠯᠠᠯᠭᠡ᠂  ᠦᠭᠡᠰ ᠤᠨ ᠰᠠᠩ ᠢ ᠵᠠᠢᠢᠯᠠᠰᠢ ᠦᠭᠡᠢ ᠲᠠᠭᠡᠭᠰᠢᠯᠡᠭᠦᠯᠦᠨ ᠠ᠃
    ᠲᠦᠷᠪᠠ᠂ ᠤᠯᠠᠨ ᠶᠠᠩᠵᠤ ᠵᠢᠨ ᠲᠤᠷ ᠠ ᠰᠤᠨᠢᠷᠬᠠᠯ ᠢ ᠪᠤᠢ ᠪᠤᠯᠭᠠᠵᠤ ᠴᠢᠳᠠᠨ ᠠ᠃  ᠲᠠᠭᠡᠭᠦ ᠳᠡᠭᠡᠨ ᠲᠠᠷᠠ ᠭᠦ ᠲᠤᠷ ᠠ ᠰᠤᠨᠢᠷᠬᠠᠯ ᠨᠢ ᠴᠦᠮ ᠮᠤᠩᠭᠤᠯ ᠤᠨᠴᠠᠯᠢᠭ ᠵᠢᠠᠷ ᠭᠦᠭᠵᠢᠨ ᠠ᠃
    ᠲᠠᠪᠤ᠂  ᠬᠠᠷᠢᠴᠠᠭᠤᠯᠵᠤ ᠠᠳᠠᠯᠢᠳᠬᠠᠬᠤ ᠤᠬᠠᠮᠰᠠᠷ ᠴᠢᠳᠠᠪᠬᠢ ᠰᠠᠢᠢᠵᠢᠷᠠᠵᠤ᠂  ᠪᠤᠰᠤᠳ ᠤᠨ ᠵᠢᠩᠬᠢᠨᠢ  ᠰᠢᠯᠢᠳᠡᠭ ᠵᠦᠢᠯᠠᠰ ᠢ ᠦᠪᠠᠷ ᠤᠨ ᠬᠢ ᠪᠠᠨ ᠪᠤᠯᠭᠠᠬᠤ ᠳᠤ ᠤᠷᠢᠳᠠᠴᠢ ᠨᠦᠭᠦᠴᠠᠯ ᠢ ᠬᠠᠩᠭᠠᠵᠤ ᠴᠢᠳᠠᠨ ᠠ᠃
    ᠡᠢᠢᠮᠦ ᠡᠴᠡ ᠰᠤᠷᠭᠠᠭᠤᠯᠢ ᠨᠢ ᠲᠠᠰᠬᠠᠯᠵᠢᠭᠤᠯᠤᠯ ᠤᠨ ᠰᠠᠭᠤᠷᠢᠨ ᠭᠠᠵᠠᠷ ᠪᠠᠢᠢᠭᠤᠯᠬᠤ ᠲᠠᠢ ᠤᠶᠠᠯᠳᠤᠭᠤᠯᠤᠨ ᠤᠳᠤᠨ ᠲᠸᠯᠸᠢᠰ ᠲᠠᠢ ᠬᠠᠮᠳᠤᠷᠠᠵᠤ ᠭᠠᠵᠠᠷ ᠤᠷᠤᠨ ᠤ ᠪᠤᠶᠤ ᠰᠤᠷᠭᠠᠭᠤᠯᠢ ᠵᠢᠨ ᠲᠠᠰ ᠤᠨ ᠬᠢᠴᠢᠶᠠᠯ ᠤᠨ ᠪᠢᠴᠢᠭ᠌ ᠤᠨ ᠺᠤᠤᠷᠰᠸᠠᠢᠢᠷ ᠢ ᠦᠢᠯᠠᠳᠭᠦ ᠵᠢ ᠰᠤᠷᠭᠠᠭᠤᠯᠢ ᠵᠢᠨ ᠵᠢᠭᠠᠨ ᠰᠤᠷᠭᠠᠯᠳᠠ ᠵᠢᠨ ᠴᠢᠬᠤᠯᠠ ᠨᠢᠭᠡ ᠠᠭᠤᠯᠭ ᠠ ᠪᠤᠯᠭᠠᠨ᠂ ᠲᠤᠰᠬᠠᠢ ᠬᠢᠴᠢᠶᠠᠯ ᠤᠨ ᠴᠠᠭ ᠤᠨ ᠲᠤᠬᠢᠷᠠᠭᠤᠯᠤᠯᠳᠠ ᠬᠢᠵᠤ ᠰᠤᠷᠭᠠᠭᠤᠯᠢ ᠵᠢᠨ ᠭᠦᠷᠢᠶᠠᠨ ᠤ ᠰᠤᠶᠤᠯ ᠤᠨ ᠪᠦᠳᠤᠭᠡᠨ ᠪᠠᠢᠢᠭᠤᠯᠤᠯᠳᠠ ᠵᠢ ᠨᠠᠩ ᠠᠮᠢᠳᠤ ᠪᠠᠶᠠᠯᠢᠬ ᠪᠤᠯᠭᠠᠬᠤ ᠵᠢ ᠰᠠᠨᠠᠭᠠᠴᠢᠯᠠᠵᠤ ᠪᠠᠢᠢᠨ ᠠ᠃
    (《ᠦᠪᠦᠷ ᠮᠤᠩᠭᠤᠯ ᠤᠨ ᠰᠤᠷᠭᠠᠨ ᠬᠦᠮᠦᠵᠢᠯ》2012 ᠣᠨ ᠤ 4 ᠳ᠋ᠤᠭᠡᠷ ᠬᠤᠭᠤᠴᠠᠭ ᠠ ᠡᠴᠡ ᠠᠪᠤᠪᠠ᠃)
 

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
ᠦᠪᠦᠷ ᠮᠤᠩᠭ᠋ᠤᠯ  ᠤᠨ ᠳᠡᠯᠡᠬᠡᠢ ᠮᠡᠳᠡᠭᠡ ᠵᠠᠩᠬᠢ ᠮᠡᠷᠭᠡᠵᠢᠯ  ᠤᠨ ᠬᠢᠵᠠᠭᠠᠷᠲᠦ ᠺᠤᠮᠫᠠᠨᠢ  ᠡᠴᠡ ᠮᠡᠷᠭᠡᠵᠢᠯ ᠬᠠᠩᠭ᠋ᠠᠪᠠ
蒙ICP备12003062号